home
home

    ᠬᠡᠳᠦᠢ ᠦᠳᠡᠯᠦᠭᠰᠡᠨ ᠴᠤ ᠰᠡᠳᠬᠢᠴᠡ ᠵᠠᠯᠠᠭᠤ ᠪᠠᠶᠢᠪᠠᠯ ᠵᠤᠬᠢᠨ᠎ᠠ

2016-08-28  18:35

eh09092201

ᠬᠦᠮᠦᠨ ᠶᠡᠷᠦ ᠨᠢ ᠲᠦᠷᠦᠬᠦ᠂ ᠦᠰᠴᠤ ᠪᠤᠶᠢᠵᠢᠬᠤ᠂ ᠦᠳᠡᠯᠬᠦ᠂ ᠦᠬᠦᠬᠦ ᠶᠠᠪᠤᠴᠠ ᠶᠢ ᠦᠩᠬᠡᠷᠡᠬᠦᠯᠳᠡᠭ᠃ ᠡᠨᠡ ᠪᠤᠯ ᠪᠠᠶᠢᠭᠠᠯᠢ  ᠶᠢᠨ ᠬᠤᠷᠢᠬᠯᠠᠬᠳᠠᠰᠢ ᠦᠬᠡᠶ ᠵᠢᠮ᠎ᠡ ᠶᠤᠰᠤ ᠮᠦᠨ᠃ ᠭᠡᠬᠦ ᠳᠤ ᠵᠠᠷᠢᠮ ᠬᠦᠮᠦᠨ ᠦᠳᠡᠯᠦᠭᠰᠡᠨ ᠴᠤ ᠰᠡᠳᠬᠢᠴᠡ ᠶᠢᠨ ᠲᠠᠯ᠎ᠠ ᠪᠠᠷ ᠵᠠᠯᠠᠭᠤ ᠪᠠᠶᠢᠬᠤ ᠶᠢ ᠠᠩᠬᠠᠷᠴᠤ᠂ ᠪᠡᠶ᠎ᠡ ᠰᠡᠳᠬᠢᠴᠡ ᠶᠢᠨ ᠪᠤᠯᠪᠠᠰᠤᠷᠠᠯ ᠢ ᠲᠡᠩᠴᠡᠬᠦᠯᠳᠡᠭ᠃ ᠡᠶᠢᠮᠦ ᠠᠴᠠ ᠲᠡᠬᠦᠨ ᠤ ᠰᠡᠳᠬᠢᠴᠡ ᠶᠢᠨ ᠨᠠᠰᠤ ᠨᠢ ᠠᠶᠠᠨᠳᠠᠭᠠᠨ ᠤ ᠨᠠᠰᠤ ᠠᠴᠠ ᠪᠠᠭ᠎ᠠ᠂ ᠪᠠᠶᠠᠷ ᠪᠠᠶᠠᠰᠬᠤᠯᠠᠩᠳᠠᠢ ᠤᠷᠮ᠎ᠠ ᠬᠦᠭᠵᠢᠬᠦᠨ ᠪᠠᠶᠢᠳᠠᠭ ᠲᠤᠯᠠ ᠦᠳᠡᠯᠬᠦ ᠨᠢ ᠤᠳᠠᠭᠠᠰᠢᠷᠠᠵᠤ᠂ ᠠᠮᠢ ᠨᠠᠰᠤ ᠨᠢ ᠤᠷᠳᠤ ᠪᠤᠯᠳᠠᠭ᠃ ᠬᠦᠮᠥᠰ ᠤᠷᠢ ᠵᠠᠯᠠᠭᠤ ᠪᠠᠷ ᠢᠶᠠᠨ ᠪᠠᠶᠢᠬᠤ ᠶᠢ ᠬᠦᠰᠡᠳᠡᠭ᠂ ᠬᠡᠪᠡᠴᠦ ᠪᠡᠶ᠎ᠡ ᠮᠠᠬᠠᠪᠤᠳ ᠤᠨ ᠲᠠᠯ᠎ᠠ ᠪᠠᠷ ᠡᠨᠡ ᠨᠢ ᠪᠡᠶᠡᠯᠡᠭᠳᠡᠰᠢ ᠦᠬᠡᠶ ᠶᠤᠮ᠃ ᠬᠡᠪᠡᠴᠦ ᠰᠡᠳᠬᠢᠴᠡ ᠶᠢᠨ ᠲᠠᠯ᠎ᠠ ᠪᠠᠷ ᠠᠪᠴᠤ ᠬᠡᠯᠡᠪᠡᠯ ᠪᠡᠶᠡᠯᠡᠭᠳᠡᠵᠤ ᠪᠤᠯᠬᠤ ᠶᠤᠮ᠃ ᠪᠤᠳᠠᠳᠤ ᠠᠮᠢᠳᠤᠷᠠᠯ ᠲᠤᠮᠳᠠ ᠵᠠᠷᠢᠮ ᠬᠦᠮᠦᠨ ᠤ ᠨᠠᠰᠤ ᠨᠢ ᠲᠡᠳᠦᠢ ᠶᠡᠭᠡ ᠪᠢᠰᠢ ᠪᠠᠶᠢᠳᠠᠯ᠎ᠠ ᠪᠠᠨ ᠪᠡᠶ᠎ᠡ ᠮᠠᠬᠠᠪᠤᠳ ᠪᠠ ᠰᠡᠳᠬᠢᠴᠡ  ᠶᠢᠨ ᠲᠠᠯ᠎ᠠ ᠪᠠᠷ ᠴᠦᠮ ᠮᠠᠭᠤᠳᠠᠬᠤ᠂ ᠦᠳᠡᠯᠬᠦ ᠪᠠᠶᠢᠳᠠᠯ ᠢᠯᠡᠷᠡᠵᠦ᠂ ᠤᠶᠤᠨ ᠰᠠᠨᠠᠭ᠎ᠠ ᠨᠢ ᠰᠦᠷ ᠰᠦᠯᠳᠡ ᠦᠬᠡᠶ ᠪᠠᠶᠢᠳᠠᠭ᠃ ᠭᠡᠳᠡᠯ᠎ᠡ ᠵᠠᠷᠢᠮᠠᠳ ᠨᠢ ᠨᠢᠭᠤᠷ ᠳᠦᠬᠦᠷᠡᠩ ᠠᠳᠤᠷᠢᠶ᠎ᠠ ᠲᠠᠢ ᠪᠤᠭᠤᠷᠤᠯ ᠪᠤᠯᠤᠭᠰᠠᠨ ᠴᠤ ᠪᠡᠶ᠎ᠡ ᠲᠡᠩᠬᠡᠯᠡᠬᠦᠨ ᠴᠤᠭ ᠵᠤᠯᠪᠤᠭ᠎ᠠ ᠲᠠᠢ ᠪᠠᠶᠢᠳᠠᠭ᠃ ᠡᠨᠡ ᠪᠤᠯ ᠦᠳᠡᠯᠥᠭᠡ ᠨᠠᠰᠤᠨ ᠳᠤ ᠬᠠᠨᠳᠤᠬᠤ ᠬᠤᠶᠠᠷ ᠵᠥᠢᠯ ᠤᠨ ᠪᠤᠳᠤᠯ ᠰᠡᠳᠬᠢᠴᠡ ᠪᠦᠬᠡᠳ ᠡᠬᠦᠨ ᠠᠴᠠ ᠪᠤᠯᠤᠭᠰᠠᠨ ᠦᠷ᠎ᠡ ᠳ᠋ᠦᠩ ᠨᠢ ᠦᠰᠦᠳ ᠦᠬᠡᠷ᠎ᠡ ᠪᠤᠯᠳᠠᠭ᠃ ᠲᠤᠰᠬᠠᠶ ᠮᠡᠷᠬᠡᠵᠢᠯᠳᠡᠨ ᠤ ᠵᠢᠭᠠᠵᠤ ᠭᠠᠷᠭᠠᠬᠰᠠᠨ ᠢᠶᠠᠷ᠂ ᠬᠡᠳᠦᠢ ᠦᠳᠡᠯᠦᠭᠰᠡᠨ ᠴᠤ ᠰᠡᠳᠬᠢᠴᠡ ᠵᠠᠯᠠᠭᠤ ᠪᠠᠶᠢᠬᠤ ᠶᠢ ᠪᠡᠶᠡᠯᠡᠬᠦᠯᠬᠦ ᠳᠤ ᠶᠠᠭᠤᠨ ᠤ ᠡᠮᠦᠨ᠎ᠡ ᠦᠵᠡᠯ ᠰᠠᠨᠠᠭᠠᠨ ᠤ ᠲᠠᠯ᠎ᠠ ᠪᠠᠷ ᠦᠳᠡᠯᠬᠦ ᠦᠬᠡᠶ᠂ ᠬᠡᠪᠰᠢᠮᠡᠯ ᠪᠢᠰᠢ᠂ ᠦᠬᠦᠨ ᠪᠠᠷᠢᠮᠳᠠᠯᠠᠬᠤ ᠦᠬᠡᠶ᠂ ᠰᠢᠨ᠎ᠡ ᠬᠡᠷᠡᠭ ᠪᠤᠳᠠᠰ ᠲᠤ ᠬᠠᠯᠠᠭᠤᠮᠰᠤᠬ ᠢᠶᠠᠷ ᠬᠠᠨᠳᠤᠬᠤ ᠬᠡᠷᠡᠭᠳᠡᠶ᠃ ᠦᠳᠡᠯᠬᠦ ᠶᠢ ᠮᠡᠳᠡᠬᠦ ᠦᠬᠡᠶ᠂ ᠦᠳᠡᠯᠬᠦ ᠠᠴᠠ ᠠᠶᠤᠬᠤ ᠦᠬᠡᠶ ᠵᠤᠷᠢᠭ ᠰᠠᠨᠠᠭ᠎ᠠ ᠪᠠᠶᠢᠬᠤ ᠬᠡᠷᠡᠭᠳᠡᠶ᠃ ᠪᠠᠶᠠᠷ ᠪᠠᠶᠠᠰᠤᠩᠭᠤᠶ᠂ ᠰᠡᠳᠬᠢᠯ ᠠᠭᠤᠵᠢᠮ ᠰᠠᠨᠠᠭ᠎ᠠ ᠲᠠᠯᠪᠢᠭᠤ᠂ ᠤᠷᠮ᠎ᠠ ᠰᠤᠨᠢᠷᠬᠠᠯ ᠲᠠᠢ᠂ ᠡᠯ᠎ᠡ ᠵᠦᠢᠯ ᠤᠨ ᠤᠳᠬ᠎ᠠ ᠠᠭᠤᠯᠭ᠎ᠠ ᠲᠠᠢ ᠠᠵᠢᠯᠯᠠᠭᠠᠨ ᠳᠤ ᠢᠳᠡᠪᠬᠢᠳᠠᠶ ᠤᠷᠤᠯᠴᠠᠬᠤ ᠪᠤᠯ ᠰᠡᠳᠬᠢᠴᠡ ᠶᠢ ᠵᠠᠯᠠᠭᠤᠵᠢᠭᠤᠯᠬᠤ ᠶᠢᠨ ᠪᠠᠰᠠ ᠨᠢᠬᠡᠨ ᠠᠷᠭ᠎ᠠ ᠵᠠᠮ ᠪᠤᠯᠬᠤ ᠶᠤᠮ᠂ ᠤᠷᠠᠨ ᠪᠢᠴᠢᠯᠬᠡ᠂ ᠬᠦᠭᠵᠢᠮ ᠰᠤᠨᠤᠰᠬᠤ᠂ ᠵᠤᠬᠢᠶᠠᠯ ᠪᠢᠴᠢᠬᠦ᠂ ᠰᠢᠳᠠᠷ᠎ᠠ ᠲᠠᠯᠪᠢᠬᠤ᠂ ᠬᠤᠸᠠᠷ ᠴᠡᠴᠡᠭ ᠲᠠᠷᠢᠬᠤ᠂ ᠵᠢᠭᠠᠰᠤ ᠭᠤᠬᠠᠳᠠᠬᠤ᠂ ᠵᠤᠭᠠᠴᠠᠬᠤ ᠮᠡᠳᠦ᠃ ᠡᠨᠡ ᠮᠡᠳᠦ ᠪᠠᠷ ᠪᠡᠶ᠎ᠡ ᠦᠳᠡᠯᠥᠭᠰᠡᠨ ᠴᠤ ᠰᠡᠳᠬᠢᠴᠡ ᠵᠠᠯᠠᠭᠤ ᠪᠠᠶᠢᠵᠤ ᠯᠠ ᠪᠠᠶᠢᠪᠠᠯ ᠠᠮᠢᠳᠤᠷᠠᠯ ᠨᠡᠩ ᠢᠯᠡᠭᠦᠦ ᠤᠳᠬ᠎ᠠ ᠠᠭᠤᠯᠭ᠎ᠠ ᠲᠠᠢ ᠪᠤᠯᠬᠤ ᠶᠤᠮ᠃

 

ᠢᠷᠡᠯᠲᠡ᠄      ᠨᠠᠶᠢᠷᠠᠭᠤᠯᠤᠭᠴᠢ᠄