home
home

    ᠢᠳᠡᠭᠡᠨ ᠢᠶᠠᠷ ᠰᠡᠳᠬᠢᠴᠡ ᠶᠢᠨ ᠦᠯᠦ ᠬᠠᠯᠳᠠᠭᠠᠬᠤ ᠴᠢᠳᠠᠪᠤᠷᠢ ᠶᠢ ᠨᠡᠮᠡᠭᠳᠡᠭᠦᠯᠵᠦ ᠪᠤᠯᠤᠨ᠎ᠠ

2016-08-28  18:36

ᠪᠦᠬᠦ ᠲᠡᠯᠡᠬᠡᠢ ᠶᠢᠨ ᠴᠢᠨᠠᠷᠳᠠᠢ ᠬᠦᠬᠡ ᠬᠡᠯᠪᠡᠷᠢ ᠶᠢᠨ HINI ᠬᠠᠯᠳᠠᠪᠤᠷᠢᠳᠦ ᠲᠠᠬᠰᠢᠭᠤᠷ ᠢ ᠰᠡᠷᠭᠡᠶᠢᠯᠡᠬᠦ ᠳᠤ᠂ ᠰᠡᠳᠬᠢᠴᠡ ᠶᠢᠨ ᠦᠯᠦ ᠬᠠᠯᠳᠠᠭᠠᠬᠤ ᠴᠢᠳᠠᠯ ᠢ ᠨᠡᠮᠡᠭᠳᠡᠬᠦᠯᠬᠦ ᠪᠤᠯ ᠬᠠᠮᠤᠬ ᠤᠨ ᠴᠢᠬᠤᠯᠠ ᠶᠤᠮ᠃ ᠵᠠᠪᠠᠯ ᠰᠠᠶᠢᠨ ᠰᠠᠶᠢᠬᠠᠨ ᠰᠡᠳᠬᠢᠴᠡ ᠶᠢᠨ ᠬᠡᠪ ᠴᠢᠨᠠᠷ ᠢ ᠪᠦᠷᠢᠯᠳᠦᠭᠦᠯᠬᠦ ᠠᠴᠠ ᠭᠠᠳᠠᠨ᠎ᠠ᠂ ᠪᠡᠶ᠎ᠡ ᠮᠠᠬᠠᠪᠤᠳ ᠢᠶᠠᠨ ᠲᠠᠪᠳᠠᠨ ᠪᠤᠯᠪᠠᠰᠤᠷᠠᠭᠤᠯᠬᠤ᠂ ᠲᠤᠬᠢᠳᠠᠢ ᠢᠳᠡᠭᠡᠨ ᠰᠤᠩᠭᠤᠬᠤ ᠮᠡᠳᠦ ᠪᠠᠷ ᠦᠯᠦ ᠬᠠᠯᠳᠠᠭᠠᠬᠤ ᠴᠢᠳᠠᠯ ᠢᠶᠠᠨ ᠲᠡᠭᠡᠭᠰᠢᠯᠡᠭᠦᠯᠬᠦ ᠬᠡᠷᠡᠭᠳᠡᠢ ᠪᠠᠶᠢᠳᠠᠬ᠃ ᠦᠯᠦ ᠬᠠᠯᠳᠠᠭᠠᠬᠤ ᠤᠭᠤᠷᠠᠬ ᠤᠨ ᠬᠡᠮᠵᠢᠶ᠎ᠡ ᠶᠢ ᠨᠡᠮᠡᠭᠳᠡᠭᠦᠯᠬᠦ ᠢᠳᠡᠭᠡᠨ᠄ ᠯᠠᠬ ᠮᠡᠯᠡᠬᠡᠢ᠂ ᠲᠠᠯᠠᠢ ᠶᠢᠨ ᠵᠠᠮᠠᠬ᠂ ᠰᠠᠷᠢᠮᠰᠠᠬ ᠵᠡᠷᠭᠡ ᠪᠤᠯᠤᠨ᠎ᠠ᠃ ᠦᠯᠦ ᠬᠠᠯᠳᠠᠭᠠᠬᠤ ᠪᠦᠮᠪᠦᠭᠡᠨ ᠤᠭᠤᠷᠠᠬ ᠪᠤᠯ ᠪᠡᠶ᠎ᠡ ᠶᠢᠨ ᠲᠤᠳᠤᠷ᠎ᠠ ᠤᠯᠠᠨ ᠵᠦᠢᠯ ᠤᠨ ᠦᠯᠦ ᠬᠠᠯᠳᠠᠬᠤ ᠲᠠᠭᠠᠭᠠᠬᠴᠢ  ᠶᠢ ᠪᠦᠷᠢᠯᠳᠦᠭᠦᠯᠬᠦ ᠴᠢᠬᠤᠯᠠ ᠲᠦᠭᠦᠬᠡᠢ ᠡᠳ᠋ ᠪᠤᠯᠤᠨ᠎ᠠ᠃ ᠦᠯᠦ ᠬᠠᠯᠳᠠᠭᠠᠬᠤ ᠪᠦᠮᠪᠦᠭᠡᠨ ᠤᠭᠤᠷᠠᠬ ᠳᠤᠳᠠᠭᠳᠠᠬᠤ ᠦᠶ᠎ᠡ ᠳᠤ᠂ ᠰᠡᠳᠬᠢᠴᠡ ᠶᠢᠨ ᠲᠠᠭᠠᠭᠠᠬᠤ ᠴᠢᠳᠠᠯ ᠪᠠ ᠡᠪᠡᠳᠴᠢᠨ ᠢ ᠡᠰᠡᠷᠭᠦᠴᠡᠬᠦ ᠴᠢᠳᠠᠯ ᠨᠢ ᠮᠡᠳᠡᠭᠳᠡᠮ᠎ᠡ ᠪᠠᠭᠤᠷᠠᠵᠦ᠂ ᠤᠯᠠᠨ ᠵᠦᠢᠯ ᠤᠨ ᠡᠪᠡᠳᠴᠢᠨ ᠢ ᠡᠭᠦᠰᠭᠡᠬᠦ ᠪᠤᠯᠤᠨ᠎ᠠ᠃ ᠯᠢᠮᠪᠠ ᠶᠢᠨ ᠡᠰ ᠤᠨ ᠴᠢᠳᠠᠯ ᠢ ᠲᠡᠭᠡᠭᠰᠢᠯᠡᠭᠦᠯᠬᠦ ᠢᠳᠡᠭᠡᠨ᠄ ᠴᠢᠨ᠋ᠸ᠎ᠡ ᠶᠢᠨ ᠬᠠᠷᠮᠠᠬ᠂ ᠮᠦᠭᠦ᠂ ᠮᠦᠩᠭᠦᠨ ᠳᠡᠯᠳᠠᠤ᠂ ᠢᠯᠠᠮ᠎ᠠ ᠵᠡᠷᠭᠡ ᠪᠤᠯᠤᠨ᠎ᠠ᠃ ᠯᠢᠮᠪᠠ ᠶᠢᠨ ᠡᠰ ᠨᠢ ᠮᠡᠳᠡᠷᠡᠯ ᠤᠨ ᠲᠠᠮᠵᠢᠭᠤᠯᠤᠬᠴᠢ ᠱᠦᠭᠦᠷᠡᠯᠳᠡ ᠨᠡᠪᠲᠡᠷᠡᠬᠦ ᠦᠭᠡᠢ ᠪᠤᠯᠬᠤ ᠳᠤ᠂ ᠬᠤᠤᠷᠲᠠᠢ ᠪᠤᠳᠠᠰ ᠬᠦᠮᠦᠨ ᠤ ᠪᠡᠶ᠎ᠡ ᠳᠤ ᠤᠷᠤᠬᠰᠠᠨ ᠤ ᠲᠠᠷᠠᠭ᠎ᠠ᠂ ᠮᠠᠰᠢ ᠲᠦᠷᠭᠡᠨ ᠲᠤᠩ ᠤᠯᠠᠨ ᠯᠢᠮᠪᠠ ᠶᠢᠨ ᠦᠷᠡᠵᠢᠭᠳᠡᠭᠦᠨ ᠢ ᠢᠯᠭᠠᠷᠠᠭᠤᠯᠤᠨ᠂ ᠬᠦᠭᠵᠢᠭᠰᠡᠨ ᠬᠤᠷᠮᠤᠨ ᠤ ᠰᠢᠭᠦᠷᠡᠯᠳᠡ ᠶᠢ ᠠᠷᠢᠯᠭᠠᠨ᠂ ᠪᠠᠺᠲ᠋ᠧᠷᠢ ᠵᠡᠷᠭᠡ ᠬᠤᠤᠷᠳᠦ ᠡᠳ᠋ ᠢ ᠤᠰᠠᠳᠬᠠᠳᠠᠬ᠃ ᠲᠤᠮᠤ ᠡᠰ ᠵᠠᠯᠭᠢᠬᠤ ᠴᠢᠳᠠᠯ ᠢ ᠲᠡᠭᠡᠭᠰᠢᠯᠡᠭᠦᠯᠬᠦ ᠢᠳᠡᠭᠡᠨ᠃ ᠵᠢᠱᠢᠶᠡᠯᠡᠪᠡᠯ ᠮᠤᠭᠠᠢ ᠶᠢᠨ ᠮᠢᠬ᠎ᠠ᠂ ᠲᠠᠯᠠᠢ ᠶᠢᠨ ᠵᠠᠮᠠᠬ᠂ ᠰᠠᠷᠢᠮᠰᠠᠬ ᠵᠡᠷᠭᠡ ᠪᠤᠯᠤᠨ᠎ᠠ᠃ ᠬᠦᠮᠦᠨ ᠤ ᠪᠡᠶ᠎ᠡ ᠶᠢᠨ ᠲᠤᠮᠤ ᠡᠰ ᠤᠨ ᠭᠤᠤᠯ ᠦᠢᠯᠡᠳᠦᠯ ᠪᠤᠯ ᠪᠡᠶ᠎ᠡ ᠶᠢᠨ ᠲᠤᠳᠤᠷᠠᠬᠢ ᠦᠮᠠᠨ ᠤ ᠡᠰ ᠢ ᠠᠷᠢᠯᠭᠠᠨ᠂ ᠡᠰ ᠢ ᠬᠤᠪᠢᠷᠠᠭᠠᠬᠤ ᠲᠤᠯᠠ ᠡᠯ᠎ᠡ ᠵᠦᠢᠯ ᠤᠨ ᠰᠡᠳᠬᠢᠴᠡ᠂ ᠰᠡᠳᠬᠢᠴᠡ ᠶᠢᠨ ᠴᠢᠨᠠᠷᠳᠠᠢ ᠡᠪᠡᠳᠴᠢᠨ ᠡᠭᠦᠰᠬᠦ ᠶᠢ ᠰᠡᠷᠭᠡᠶᠢᠯᠡᠬᠦ ᠪᠤᠯᠤᠨ᠎ᠠ᠃ ᠬᠠᠷᠰᠢᠯᠳᠤᠰᠤ ᠪᠤᠢ ᠪᠤᠯᠬᠤ ᠶᠢ ᠠᠬᠢᠭᠤᠯᠬᠤ ᠢᠳᠡᠭᠡᠨ᠄ ᠦᠨᠦᠷᠳᠦ ᠮᠦᠭᠦ᠂ ᠰᠢᠯᠦᠬᠡᠢ ᠨᠤᠭᠤᠭ᠎ᠠ ᠵᠡᠷᠭᠡ ᠪᠤᠢ᠃ ᠪᠡᠶ᠎ᠡ ᠶᠢᠨ ᠲᠤᠳᠤᠷᠠᠬᠢ ᠬᠠᠷᠰᠢᠯᠳᠤᠰᠦ ᠨᠢ ᠪᠡᠶ᠎ᠡ ᠶᠢᠨ ᠲᠤᠳᠤᠷ᠎ᠠ ᠨᠡᠪᠴᠢᠵᠥ ᠤᠷᠤᠬᠰᠠᠨ ᠡᠯ᠎ᠡ ᠵᠦᠢᠯ ᠤᠨ ᠡᠪᠡᠳᠴᠢᠨ ᠤ ᠬᠤᠤᠷ ᠢ ᠤᠰᠠᠳᠬᠠᠵᠦ᠂ ᠰᠡᠳᠬᠢᠴᠡ ᠶᠢᠨ ᠪᠠᠶᠢᠳᠠᠯ ᠢ ᠵᠤᠬᠢᠴᠠᠭᠤᠯᠬᠤ ᠪᠠ ᠲᠡᠩᠴᠡᠭᠦᠯᠬᠦ ᠦᠢᠯᠡᠳᠦᠯ ᠦᠵᠡᠭᠦᠯᠳᠡᠭ ᠶᠤᠮ᠃

ᠢᠷᠡᠯᠲᠡ᠄      ᠨᠠᠶᠢᠷᠠᠭᠤᠯᠤᠭᠴᠢ᠄