home
home

    ᠲᠡᠩᠳᠡᠬᠦᠦ ᠰᠠᠨᠠᠭ᠎ᠠ ᠪᠤᠯᠤᠭᠰᠠᠨ ᠤ ᠭᠡᠷᠡᠭ ᠦᠭᠡᠢ 6 ᠰᠡᠳᠬᠢᠴᠡ ᠶᠢᠨ ᠠᠰᠠᠭᠤᠳᠠᠯ

2016-08-28  18:38

ᠠᠮᠧᠷᠢᠺᠡ ᠶᠢᠨ 《Glamour》 ᠋ ᠰᠡᠳᠬᠦᠯ ᠤᠢᠢᠷ᠎ᠠ ᠳᠤ ᠵᠤᠬᠢᠶᠠᠯ ᠨᠡᠶᠢᠳᠡᠯᠡᠵᠦ᠂ ᠲᠤᠤᠷᠠᠬᠢ 6 ᠲᠠᠯ᠎ᠠ ᠶᠢᠨ ᠰᠡᠳᠬᠢᠴᠡ ᠶᠢᠨ ᠠᠰᠠᠭᠤᠳᠠᠯ ᠢ ᠪᠦᠷᠢᠮᠰᠤᠨ ᠰᠠᠨᠠᠭ᠎ᠠ ᠪᠤᠯᠵᠦ ᠪᠠᠴᠢᠮᠳᠠᠨ ᠰᠠᠨᠳᠤᠷᠤᠭᠰᠠᠨ ᠤ ᠭᠡᠷᠡᠭ ᠦᠭᠡᠢ᠂ ᠵᠢᠭᠠᠬᠠᠨ ᠡᠷᠡᠭᠡᠯᠵᠡᠯ ᠲᠠᠢ ᠪᠤᠯᠤᠭᠰᠠᠭᠠᠷ ᠰᠡᠳᠬᠢᠴᠡ ᠶᠢᠨ ᠡᠪᠡᠳᠴᠢᠨ ᠤ ᠲᠤᠮᠤ ᠮᠠᠯᠠᠭᠠᠢ ᠵᠡᠬᠦᠯᠭᠡᠵᠦ ᠪᠤᠯᠬᠤ ᠦᠭᠡᠢ ᠭᠡᠵᠦ ᠨᠤᠳᠠᠯᠠᠪᠠ᠃| 1᠂ 《ᠮᠢᠨᠦ ᠪᠤᠳᠤᠵᠦ ᠪᠠᠶᠢᠭ᠎ᠠ ᠤᠴᠢᠷ ᠶᠠᠪᠤᠳᠠᠯ ᠲᠤᠩ ᠤᠯᠠᠨ᠂ ᠲᠠᠷᠢᠬᠢᠨ ᠲᠤᠳᠤᠷ᠎ᠠ ᠡᠳᠦᠷ ᠪᠦᠷᠢ ᠤᠯᠤᠰᠤᠨ ᠰᠢᠷᠢᠯᠳᠦᠭᠡ ᠰᠢᠭ ᠠᠷᠪᠢᠨ ᠡᠭᠡᠳᠡᠷᠡᠵᠡᠢ᠃》 ᠋ ᠪᠤᠳᠤᠬᠤ ᠶᠠᠭᠤᠮ᠎ᠠ ᠲᠡᠩᠳᠡᠬᠦᠦ ᠤᠯᠠᠨ ᠪᠠᠶᠢᠭ᠎ᠠ ᠨᠢ ᠲᠦᠢᠯ ᠤᠨ ᠡᠩ ᠤᠨ ᠪᠦᠭᠡᠳ ᠭᠡᠪ ᠤᠨ ᠤᠴᠢᠷ ᠪᠤᠯᠬᠤ ᠶᠤᠮ᠃ ᠴᠢ ᠦᠪᠡᠷ ᠤᠨ ᠪᠡᠶ᠎ᠡ ᠠᠴᠠ ᠪᠠᠨ ᠦᠷᠬᠦᠯᠵᠢ ᠢᠩᠬᠢᠵᠦ ᠠᠰᠠᠭᠤᠵᠦ ᠪᠤᠯᠤᠨ᠎ᠠ᠄ 《ᠡᠨᠡᠬᠦ ᠤᠴᠢᠷ ᠦᠨᠡᠬᠡᠷ ᠲᠡᠶᠢᠮᠦ ᠴᠢᠬᠤᠯᠠ ᠪᠤᠯᠴᠢᠬᠠᠭᠰᠠᠨ ᠭᠡᠵᠢ ᠤᠤ︖ ᠡᠬᠦᠨ ᠳᠤ ᠲᠡᠶᠢᠮᠦ ᠠᠷᠪᠢᠨ ᠤᠶᠤᠨ ᠲᠠᠷᠢᠬᠢ ᠪᠠᠨ ᠵᠠᠷᠤᠴᠠᠭᠤᠯᠤᠭᠰᠠᠨ ᠤ ᠭᠡᠷᠡᠭ ᠪᠠᠶᠢᠨ᠎ᠠ ᠤᠤ︖》 ᠋᠃ ᠡᠶᠢᠮᠦᠷᠬᠦ ᠪᠤᠯᠪᠠᠰᠤᠷᠠᠯ ᠤᠨ ᠠᠷᠭ᠎ᠠ ᠨᠢ ᠴᠢᠨᠦ ᠲᠠᠷᠢᠬᠢ ᠲᠤᠯᠤᠭᠠᠢ ᠶᠢ ᠠᠭᠠᠵᠢᠮ ᠢᠶᠠᠷ ᠰᠡᠷᠭᠡᠭ ᠪᠤᠯᠭᠠᠳᠠᠭ᠃ 2᠂ 《ᠪᠤᠰᠤᠳ ᠬᠦᠮᠦᠨ ᠨᠠᠳᠠᠳᠤ ᠤᠨᠳᠤᠤ ᠦᠵᠡᠯᠳᠡ ᠲᠠᠢ ᠪᠤᠯᠬᠤ ᠠᠴᠠ ᠰᠠᠨᠠᠭᠠᠰᠢᠷᠠᠳᠠᠭ》 ᠋ ᠪᠤᠰᠤᠳ ᠬᠦᠮᠦᠨ ᠤ ᠦᠪᠡᠷ ᠤᠨ ᠴᠢᠨᠢ ᠪᠡᠶ᠎ᠡ ᠳᠠᠬᠢ ᠦᠵᠡᠯᠳᠡ ᠳᠤ ᠦᠨᠡᠯᠡᠯᠳᠡ ᠦᠭᠬᠦ ᠪᠡ ᠰᠡᠳᠬᠢᠯ ᠲᠠᠯᠪᠢᠬᠤ ᠨᠢ ᠨᠢᠭᠡᠨ ᠰᠠᠶᠢᠨ ᠶᠠᠪᠤᠳᠠᠯ᠃ ᠴᠢ ᠵᠦᠪᠭᠡᠨ ᠡᠨᠡᠬᠦ ᠤᠴᠢᠷ ᠤᠨ ᠲᠦᠯᠦᠭᠡ ᠲᠡᠩᠳᠡᠬᠦᠦ ᠶᠡᠭᠡ ᠰᠠᠨᠠᠭᠠᠰᠢᠷᠠᠭᠰᠠᠨ ᠤ ᠭᠡᠷᠡᠭ ᠦᠭᠡᠢ᠃ 3᠂ 《ᠪᠢ ᠲᠤᠩ ᠠᠮᠠᠷᠬᠠᠨ ᠰᠡᠳᠬᠢᠯ ᠰᠠᠨᠠᠭ᠎ᠠ ᠰᠠᠮᠠᠭᠤᠷᠠᠵᠦ᠂ ᠤᠢᠢᠮᠤᠷᠠᠳᠠᠭ᠃ ᠤᠷᠮ᠎ᠠ ᠵᠤᠷᠢᠭ ᠶᠠᠭ ᠯᠡ ᠠᠭᠤᠯᠠ ᠦᠩᠭᠡᠷᠡᠬᠦ ᠲᠡᠷᠭᠡ ᠰᠢᠭ ᠲᠤᠭᠳᠠᠪᠤᠷᠢ ᠦᠭᠡᠢ᠂ ᠭᠡᠨᠡᠳᠳᠡ ᠲᠡᠭᠡᠭᠰᠢ ᠭᠠᠷᠴᠤ᠂ ᠭᠡᠨᠡᠳᠳᠡ ᠲᠤᠷᠤᠭᠰᠢᠯᠠᠳᠠᠭ》 ᠋ ᠡᠨᠡ ᠨᠢ ᠰᠡᠳᠬᠢᠯ ᠲᠦᠪᠯᠡᠷᠡᠬᠦ ᠦᠭᠡᠢ ᠡᠪᠡᠳᠴᠢᠨ ᠤᠯᠤᠭᠰᠠᠨ ᠤᠴᠢᠷ ᠭᠡᠵᠦ ᠬᠡᠯᠡᠬᠦ ᠶᠢᠨ ᠠᠷᠭ᠎ᠠ ᠦᠭᠡᠢ᠂ ᠴᠢ ᠲᠡᠩᠳᠡᠬᠦᠦ ᠶᠠᠳᠠᠷᠠᠵᠦ᠂ ᠠᠮᠠᠷᠠᠬᠤ ᠴᠢᠬᠤᠯᠠ ᠲᠠᠢ ᠪᠤᠯᠤᠭᠰᠠᠨ ᠪᠠᠶᠢᠵᠦ ᠮᠡᠳᠡᠨ᠎ᠡ᠃ 4᠂ 《ᠪᠢ ᠦᠷᠬᠦᠯᠵᠢ ᠨᠦᠢᠷ ᠬᠤᠯᠵᠢᠨ ᠲᠠᠷᠠᠭ᠎ᠠ ᠡᠳᠦᠷ ᠤᠨ ᠤᠴᠢᠷ ᠢᠶᠠᠨ ᠪᠤᠳᠤᠭᠠᠳ ᠪᠠᠶᠢᠳᠠᠭ᠃》 ᠋ ᠤᠯᠠᠩᠬᠢ ᠬᠦᠮᠦᠰ ᠬᠠᠶᠠ ᠪᠦᠷ ᠨᠦᠢᠷ ᠬᠤᠯᠵᠢᠳᠠᠭ᠃ ᠤᠨᠳᠠᠬᠤ ᠠᠴᠠ ᠪᠠᠨ ᠡᠮᠦᠨ᠎ᠡ ᠵᠢᠭᠠᠬᠠᠨ ᠴᠠᠭ ᠭᠠᠷᠭᠠᠵᠦ ᠲᠠᠷᠠᠭ᠎ᠠ ᠡᠳᠦᠷ ᠤᠨ ᠤᠴᠢᠷ ᠢᠶᠠᠨ ᠲᠦᠯᠦᠪᠯᠡᠬᠦ ᠨᠢ ᠲᠤᠩ ᠵᠤᠬᠢᠰᠳᠠᠢ ᠶᠠᠪᠤᠳᠠᠯ᠃ ᠭᠡᠳᠡᠯ᠎ᠡ ᠴᠢ ᠤᠷᠤᠨ ᠲᠡᠭᠡᠷ᠎ᠡ ᠪᠠᠨ ᠭᠡᠪᠳᠡᠭᠡᠳ ᠲᠤᠷ᠎ᠠ ᠲᠠᠪᠠ ᠪᠠᠷ ᠢᠶᠠᠨ ᠪᠤᠳᠤᠭᠰᠠᠨ ᠤ ᠭᠡᠷᠡᠭ ᠦᠭᠡᠢ᠃ 5᠂ 《ᠮᠢᠨᠦ ᠲᠤᠯᠤᠭᠠᠢ ᠵᠢᠭᠠᠬᠠᠨ ᠡᠪᠡᠳᠦᠭᠰᠡᠭᠡᠷ ᠪᠢ ᠶᠡᠷᠦᠨᠢ ᠪᠠᠶ᠎ᠠ ᠶᠢᠨ ᠠᠯᠢ ᠨᠢᠭᠡ ᠭᠡᠰᠡᠭ ᠲᠤ ᠡᠪᠡᠳᠴᠢᠨ ᠡᠮᠭᠡᠭ ᠲᠤᠰᠴᠢᠬᠠᠭᠰᠠᠨ ᠴᠤ ᠶᠤᠮ ᠤᠤ︖ ᠭᠡᠵᠦ ᠰᠠᠨᠠᠭᠠᠰᠢᠷᠠᠳᠠᠭ᠃》 ᠋ ᠴᠢᠨᠦ ᠹᠢᠼᠢᠤᠯᠦᠬᠢ ᠶᠢᠨ ᠰᠡᠷᠡᠯᠳᠡ ᠪᠠᠨ ᠠᠩᠬᠠᠷᠬᠤ ᠨᠢ ᠵᠦᠪ ᠡᠨᠡ  ᠨᠢ ᠲᠤᠩ ᠬᠡᠪ ‍ᠤᠨᠨ ᠰᠡᠳᠬᠢᠴᠡ ᠪᠤᠯᠤᠨ᠎ᠠ᠃ ᠴᠢ ᠵᠦᠪᠭᠡᠨ ᠲᠤᠯᠤᠭᠠᠢ ᠴᠢᠨᠢ ᠵᠢᠭᠠᠬᠠᠨ ᠡᠪᠡᠳᠦᠭᠰᠡᠭᠡᠷ ᠶᠠᠭᠠᠷᠠᠤ ᠰᠠᠨᠳᠤᠷᠤᠤ ᠡᠮᠨᠡᠯᠭᠡ ᠶᠢᠨ ᠬᠤᠷᠢᠶᠠᠨ ᠳᠤ ᠬᠦᠷᠴᠦ ᠡᠮᠨᠡᠬᠦᠯᠦᠭᠰᠡᠨ ᠤ ᠤᠴᠢᠷ ᠪᠠᠶᠢᠬᠤ ᠦᠭᠡᠢ᠃ 6᠂ 《ᠪᠢ ᠦᠪᠡᠷ ᠤᠨ ᠪᠡᠶ᠎ᠡ ᠳᠡᠭᠡᠨ ᠲᠤᠩ ᠢᠳᠡᠭᠡᠯ ᠦᠭᠡᠢ᠃ ᠡᠳᠦᠷᠵᠢᠨ ᠲᠤᠩ ᠲᠠᠷᠤᠭᠠᠰᠤ ᠲᠠᠢ ᠠᠮᠢᠳᠤᠷᠠᠵᠦ ᠪᠠᠶᠢᠳᠠᠭ᠃》 ᠋ ᠴᠢ ᠡᠬᠦᠨ ᠤ ᠲᠤᠬᠠᠢ ᠰᠡᠳᠬᠢᠯ ᠵᠤᠪᠠᠭᠰᠠᠨ ᠤ ᠭᠡᠷᠡᠭ ᠦᠭᠡᠢ᠂ ᠴᠢ ᠮᠠᠰᠢ ᠰᠢᠯᠢᠳᠡᠭ ᠪᠠᠶᠢᠵᠦ ᠮᠡᠳᠡᠨ᠎ᠡ᠃ ᠦᠪᠡᠷ ᠤᠨ ᠪᠡᠶ᠎ᠡ ᠳᠡᠭᠡᠨ ᠢᠳᠡᠭᠡᠯ ᠲᠠᠢ ᠪᠤᠯᠬᠤ ᠳᠤ᠂ ᠦᠪᠡᠷ ᠤᠨ ᠬᠢᠪᠡᠰᠤ ᠵᠤᠬᠢᠬᠤ ᠠᠵᠢᠯ ᠢᠶᠠᠨ ᠰᠡᠳᠬᠢᠯ ᠲᠠᠯᠪᠢᠨ ᠬᠢᠵᠦ ᠯᠡ ᠪᠠᠶᠢᠪᠠᠯ ᠪᠤᠯᠴᠢᠬᠠᠨ᠎ᠠ᠃

 

ᠢᠷᠡᠯᠲᠡ᠄      ᠨᠠᠶᠢᠷᠠᠭᠤᠯᠤᠭᠴᠢ᠄