home
home

    ᠵᠠᠯᠠᠶᠢᠳ ᠬᠤᠰᠢᠭᠤᠨ ᠤ ᠮᠤᠩᠭᠤᠯ ᠬᠡᠤᠬᠡᠳ ᠤᠨ ᠴᠡᠴᠡᠷᠯᠢᠭ ᠮᠤᠩᠭᠤᠯ ᠰᠤᠶᠤᠯ ᠢᠶᠠᠨ ᠲᠡᠭᠡᠳᠦᠯᠡᠨ ᠤᠯᠠᠮᠵᠢᠯᠠᠵᠦ ᠪᠤᠢ

2016-08-29  12:48

ᠤᠶᠢᠷ᠎ᠠ ᠶᠢᠨ ᠡᠳᠦᠷ ᠰᠤᠷᠪᠤᠯᠵᠢᠯᠠᠭᠴᠢ ᠵᠠᠯᠠᠶᠢᠳ ᠬᠤᠰᠢᠭᠤᠨ ᠤ ᠮᠤᠩᠭᠤᠯ ᠬᠡᠤᠬᠡᠳ ᠤᠨ ᠴᠡᠴᠡᠷᠯᠢᠭ ᠢᠶᠠᠷ ᠬᠦᠷᠴᠦ ᠰᠤᠷᠪᠤᠯᠵᠢᠯᠠᠬᠤ ᠳᠤ ᠬᠡᠤᠬᠡᠳ ᠲᠤ ᠲᠤᠬᠢᠷᠠᠭᠤᠯᠤᠭᠰᠠᠨ ᠬᠢᠴᠢᠶᠡᠯᠯᠡᠭᠡ ᠪᠠ ᠬᠢᠴᠢᠶᠡᠯ ᠤᠨ ᠭᠠᠳᠠᠭᠤᠷᠬᠢ ᠬᠦᠳᠡᠯᠭᠡᠭᠡᠨ ᠤ ᠠᠯᠢ ᠨᠢ ᠴᠤ ᠭᠡᠰᠡᠨ ᠴᠡᠴᠡᠷᠯᠢᠭ ᠤᠨ ᠮᠤᠩᠭᠤᠯ ᠰᠤᠶᠤᠯ ᠤᠨ ᠰᠢᠮ᠎ᠡ ᠲᠡᠵᠢᠭᠡᠯ ᠢ ᠲᠡᠭᠡᠳᠦᠯᠡᠨ ᠮᠤᠩᠭᠤᠯ ᠤᠬᠠᠮᠰᠠᠷ ᠢᠶᠠᠷ ᠬᠡᠤᠬᠡᠳ ᠢᠶᠠᠨ ᠰᠤᠶᠤᠨ ᠭᠡᠭᠡᠷᠡᠭᠦᠯᠬᠦ ᠭᠡᠰᠡᠨ ᠤᠷᠤᠯᠳᠤᠯᠭ᠎ᠠ ᠨᠢ ᠲᠤᠳᠤᠬᠠᠨ ᠮᠡᠳᠡᠭᠳᠡᠵᠦ ᠪᠠᠶᠢᠯ᠎ᠠ᠃ ᠵᠠᠯᠠᠶᠢᠳ ᠬᠤᠰᠢᠭᠤᠨ ᠤ ᠮᠤᠩᠭᠤᠯ ᠬᠡᠤᠬᠡᠳ ᠤᠨ ᠴᠡᠴᠡᠷᠯᠢᠭ ᠨᠢ 2010 ᠤᠨ ᠳᠤ ᠰᠠᠶ᠋ᠢ ᠪᠠᠶᠢᠭᠤᠯᠤᠭᠳᠠᠭᠰᠠᠨ ᠪᠠᠶᠢᠵᠦ᠂ ᠪᠠᠭᠰᠢ ᠲᠤᠲᠠᠬᠤ ᠠᠩᠭᠢ ᠶᠢᠨ ᠭᠡᠷ ᠨᠢ ᠬᠦᠷᠦᠯᠴᠡᠬᠦ ᠦᠭᠡᠢᠵᠡᠷᠭᠡ ᠶᠠᠩᠵᠦ ᠶᠢᠨ ᠬᠦᠴᠢᠷ ᠢ ᠲᠠᠪᠠᠵᠦ᠂ ᠪᠠᠭᠰᠢᠨᠠᠷ ᠦᠪᠡᠷᠲᠡᠭᠡᠨ ᠭᠠᠷ ᠬᠦᠳᠡᠯᠦᠯᠴᠡᠵᠦ ᠰᠤᠷᠭᠠᠭᠤᠯᠢ ᠪᠠ ᠠᠩᠭᠢ ᠶᠢᠨ ᠭᠡᠷ ᠢᠶᠠᠨ ᠦᠨᠳᠦᠰᠦᠲᠡᠨ ᠤ ᠤᠨᠴᠠᠯᠢᠭ ᠲᠠᠢ ᠪᠠᠷ ᠴᠢᠮᠡᠭᠯᠡᠵᠦ᠂ ᠬᠢᠴᠢᠶᠡᠯ ᠤᠨ ᠠᠭᠤᠯᠭ᠎ᠠ ᠪᠠᠨ ᠲᠠᠰᠤᠷᠠᠯ ᠦᠭᠡᠢ ᠪᠠᠶᠠᠯᠢᠭᠵᠢᠭᠤᠯᠤᠨ᠂ ᠬᠦᠤᠷ ᠬᠦᠭᠵᠢᠶᠡᠨᠲᠠᠢ ᠪᠤᠯᠭᠠᠵᠦ᠂ ᠰᠤᠷᠤᠭᠴᠢ ᠶᠢᠨ ᠪᠠᠭ᠋ᠠᠷᠤᠯ ᠢ ᠲᠠᠳᠠᠭᠰᠠᠨ ᠠᠴᠠ ᠦᠷᠭᠡᠨ ᠤᠯᠠᠨ ᠭᠡᠷ ᠤᠨ ᠠᠬᠠᠮᠠᠳ ᠤᠨ ᠬᠠᠶᠢᠷ᠎ᠠ ᠬᠦᠷᠢᠶᠡᠯᠡᠯ ᠢ ᠤᠯᠵᠠᠢ᠃

91

ᠮᠤᠩᠭᠤᠯ ᠪᠦᠵᠢᠭ ᠤᠨ ᠬᠢᠴᠢᠶᠠᠯ ᠤᠷᠤᠨ᠎ᠠ

92

ᠱᠠᠭ᠎ᠠ ᠨᠠᠭᠠᠳᠤᠨ᠎ᠠ

93

ᠬᠠᠷᠢᠯᠴᠠᠨ ᠬᠠᠪᠰᠤᠷᠤᠯᠴᠠᠶ᠎ᠠ

95

 

ᠢᠷᠡᠯᠲᠡ᠄      ᠨᠠᠶᠢᠷᠠᠭᠤᠯᠤᠭᠴᠢ᠄