home
home

    ᠵᠦᠭᠡᠷ ᠰᠠᠭᠤᠵᠤ ᠴᠢᠳᠠᠳᠠᠭ ᠦᠭᠡᠢ ᠰᠠ᠊᠂ ᠪᠠᠭᠰᠢ

2016-08-29  12:47

ᠠᠵᠢᠯᠰᠠᠭ ᠬᠥᠮᠥᠨ ᠤ ᠥᠢᠯᠡ ᠤᠴᠠᠷᠠᠯ ᠬᠤᠯᠠ ᠤᠶᠢᠷ᠎ᠠ ᠳᠤ ᠲᠠᠭᠤᠷᠢᠰᠤᠨ ᠠᠷᠠᠳ ᠤᠯᠠᠨ ᠳᠤ ᠶᠠᠭᠤ ᠨᠢᠭᠡ ᠶᠢᠰᠡᠳᠬᠢᠬᠦᠯᠬᠦ ᠨᠢ ᠶᠠᠭᠤᠳᠠᠢ ᠰᠠᠶᠢᠬᠠᠨ ᠡ᠃ ᠬᠤᠷᠢᠨ ᠬᠡᠳᠥᠨ ᠵᠢᠯ ᠰᠤᠶᠤᠯ ᠰᠤᠷᠭᠠᠨ ᠬᠥᠮᠥᠵᠢᠯ ᠤᠨ ᠹᠷᠤᠨᠲ ᠲᠤ ᠴᠥᠬᠦᠷᠡᠰᠢ ᠥᠬᠡᠢᠵᠢᠳᠬᠦᠵᠥ ᠰᠤᠷᠭᠠᠭᠤᠯᠢ ᠶᠢᠨ ᠠᠷᠤ ᠲᠠᠯ᠎ᠠ ᠶᠢᠨ ᠠᠵᠢᠯ ᠶᠠᠪᠤᠳᠠᠯ ᠳᠤ ᠰᠢᠭᠤᠷᠬᠠᠢ ᠠᠵᠢᠯᠯᠠᠬᠰᠠᠭᠠᠷ ᠢᠷᠡᠭᠰᠡᠨ ᠠᠶᠢᠮᠠᠭ ᠬᠤᠰᠢᠭᠤᠨ ᠤᠬᠥᠳᠡᠯᠮᠥᠷᠢ ᠶᠢᠨ ᠵᠢᠱᠢᠶᠡᠴᠢ ᠠᠬᠠᠮᠠᠳ ᠪᠠᠭᠰᠢ ᠰᠡᠴᠡᠡᠪᠠᠳᠤ ᠪᠤᠯ ᠪᠠᠷᠠᠭᠤᠨ ᠦᠵᠦᠮᠦᠴᠢᠨ ᠬᠤᠰᠢᠭᠤᠨ ᠤ ᠪᠠᠯᠭᠠᠷᠭᠤᠤᠯᠪᠠᠯᠭᠠᠰᠤᠨ ᠳᠠᠬᠢ ᠥᠨᠳᠥᠰᠥᠳᠡᠨ ᠤ ᠬᠡᠤᠬᠡᠳ ᠤᠨ ᠴᠡᠴᠡᠷᠯᠢᠭ ᠤᠨ ᠠᠮᠤᠷ ᠢ ᠬᠠᠮᠠᠭᠠᠯᠠᠬᠤ ᠪᠠᠭᠰᠢ ᠶᠤᠮᠰᠠᠨ᠃ ᠥᠨᠳᠥᠰᠥᠨ ᠱᠠᠳᠤᠨ ᠤ ᠰᠤᠷᠭᠠᠭᠤᠯᠢ ᠶᠢ ᠬᠤᠰᠢᠭᠤᠨ ᠲᠥᠪ ᠲᠤ ᠲᠥᠪᠯᠡᠷᠡᠭᠦᠯᠥᠨ ᠪᠠᠶᠢᠭᠤᠯᠤᠬᠰᠠᠨ ᠠᠰᠢᠭ ᠲᠠᠢᠨᠥᠭᠦᠴᠡᠯ ᠢᠶᠠᠷ ᠰᠡᠴᠡᠡᠪᠠᠳᠤ ᠪᠠᠭᠰᠢ 2000 ᠤᠨ ᠳᠤ ᠬᠤᠰᠢᠭᠤᠨ ᠳᠤ ᠰᠢᠯᠵᠢᠨ ᠢᠷᠡᠭᠰᠡᠨ ᠠᠴᠠ ᠨᠠᠰᠢ ᠪᠠᠯᠭᠠᠷᠭᠤᠤᠯᠪᠠᠯᠭᠠᠰᠤᠨ ᠳᠠᠬᠢ ᠥᠨᠳᠥᠰᠥᠳᠡᠨ ᠤ ᠬᠡᠤᠬᠡᠳ ᠤᠨ ᠴᠡᠴᠡᠷᠯᠢᠭ ᠤᠨ ᠠᠮᠤᠷ ᠢ ᠬᠠᠮᠠᠭᠠᠯᠠᠬᠴᠢ ᠶᠢᠨ ᠠᠵᠢᠯ ᠡᠭᠦᠷᠭᠡ ᠶᠢ ᠬᠤᠪᠢᠳᠡᠨᠠᠪᠴᠤ ᠭᠢᠯᠠᠷᠠᠳᠠᠯ᠎ᠠ ᠪᠡᠶᠡᠯᠡᠭᠦᠯᠵᠥ ᠶᠠᠪᠤᠨ᠎ᠠ᠃ ᠲᠡᠷᠡ ᠠᠵᠢᠯ ᠠᠯᠪᠠ ᠶᠢᠨ ᠢᠶᠠᠨ ᠴᠢᠯᠥᠭᠡ ᠵᠠᠪ ᠲᠤ ᠶᠡᠷᠥ ᠨᠢ ᠵᠥᠭᠡᠷ ᠰᠠᠭᠤᠳᠠᠭ ᠥᠭᠡᠢ᠂ ᠬᠠᠮᠳᠤ ᠨᠡᠶᠢᠳᠡ ᠪᠠᠨ ᠪᠤᠳᠤᠳᠠᠭ ᠬᠠᠯᠠᠭᠤᠨ ᠰᠡᠳᠭᠢᠯ ᠲᠠᠢ ᠪᠠᠶᠢᠳᠠᠭ ᠢᠶᠠᠷ ᠢᠶᠠᠨ ᠪᠠᠶᠢᠭᠤᠯᠤᠯᠭ᠎ᠠ ᠨᠢᠭᠡᠴᠡ ᠳᠤᠨᠢ ᠶᠠᠮᠠᠷ ᠨᠢᠭᠡᠨᠬᠢᠪᠡᠰᠥ ᠵᠤᠬᠢᠬᠤ ᠠᠵᠢᠯ ᠶᠠᠪᠤᠳᠠᠯ ᠪᠠᠶᠢᠪᠠᠯ ᠶᠡᠷᠥ ᠨᠢ ᠰᠠᠶᠢᠨ ᠲᠤᠷ᠎ᠠ ᠠᠴᠠ ᠪᠠᠨ ᠥᠭᠡ ᠲᠠᠭᠤᠨ ᠥᠭᠡᠢ ᠥᠨ᠎ᠡ ᠲᠥᠯᠤᠪᠤᠷᠢᠥᠬᠡᠢ ᠪᠠᠷ ᠤᠴᠢᠵᠤ ᠪᠡᠶᠡᠯᠡᠭᠦᠯᠳᠡᠭ ᠶᠤᠮ᠃ ᠲᠡᠷᠡ ᠡᠭᠦᠳᠡ ᠴᠤᠩᠬᠤ ᠶᠢ ᠵᠠᠰᠠᠬᠤ᠂ ᠰᠢᠷᠳᠡᠵᠥ ᠪᠤᠳᠤᠬᠤ᠂ ᠡᠪᠳᠡᠷᠡᠭᠰᠡᠨ ᠵᠥᠢᠯ ᠢᠡᠪᠯᠡᠭᠦᠯᠬᠦ᠂ ᠤᠰᠤᠨ ᠤ ᠬᠤᠭᠤᠯᠠᠢ᠂ ᠠᠭᠤᠷ ᠤᠨ ᠲᠤᠯᠠᠭᠠᠯᠠᠮᠵᠢ᠂ ᠤᠷᠴᠢᠨ ᠲᠤᠭᠤᠷᠢᠨ ᠤ ᠵᠠᠰᠠᠯ ᠴᠢᠮᠡᠭᠯᠡᠯ ᠵᠡᠷᠭᠡ ᠬᠢᠬᠦ ᠦᠭᠡᠢ ᠵᠥᠢᠯᠪᠠᠶᠢᠳᠠᠭ ᠦᠭᠡᠢ ᠪᠤᠯᠬᠤᠷ ᠬᠠᠮᠢᠭ᠎ᠠ ᠶᠠᠭᠤ ᠬᠢᠬᠦ ᠴᠢᠬᠤᠯᠠ ᠲᠠᠢ ᠯᠡ ᠶᠤᠮ ᠪᠤᠯ ᠰᠤᠷᠭᠠᠭᠤᠯᠢ ᠪᠠ ᠪᠠᠶᠢᠭᠤᠯᠤᠯᠭ᠎ᠠ ᠶᠢᠨ ᠬᠢᠨ ᠴᠦᠰᠡᠴᠡᠨᠪᠠᠳᠤ ᠶᠢ ᠥᠷᠭᠦᠯᠵᠢ ᠬᠡᠷᠡᠭᠯᠡᠳᠡᠭ ᠨᠢ ᠶᠡᠷᠥᠳᠡ ᠶᠢᠨ ᠵᠠᠩᠰᠢᠯ ᠪᠤᠯᠤᠬᠰᠠᠭᠠᠷ ᠡ᠃ ᠰᠡᠴᠡᠨᠪᠠᠳᠤ ᠪᠠᠭᠰᠢ ᠤᠷᠴᠢᠮ ᠤᠨ ᠵᠢᠯ ᠠᠴᠠ ᠡᠬᠢᠯᠡᠨ ᠮᠤᠳᠤᠨ ᠤ ᠥᠭᠡᠳᠡᠰᠥ ᠵᠥᠢᠳᠡᠰᠦ ᠶᠢ ᠠᠷᠪᠢᠨ ᠴᠣᠬᠯᠠᠭᠤᠯᠵᠤᠲᠡᠭᠦᠨ ᠢᠶᠠᠷ ᠢᠶᠠᠨ ᠴᠡᠴᠡᠷᠯᠢᠭ ᠤᠨ ᠬᠡᠤᠬᠡᠳ ᠲᠡᠭᠡᠨ ᠲᠤᠬᠢᠷᠠᠬᠤ ᠵᠢᠵᠢᠭ ᠤᠷᠳᠤ ᠪᠤᠭᠤᠨᠢ ᠰᠠᠠᠳᠠᠯᠢ ᠰᠢᠷᠡᠭᠡ ᠪᠤᠯᠤᠨ ᠨᠠᠭᠠᠳᠤᠮᠲᠤᠬᠯᠠᠭᠠᠮ ᠤᠨ ᠵᠥᠢᠯ ᠬᠢᠭᠡᠳ ᠡᠪᠯᠢᠭ ᠰᠠᠶᠢᠬᠠᠨ ᠲᠠᠯᠪᠢᠭᠤᠷ ᠢ ᠤᠯᠠᠨ ᠬᠢᠵᠥ ᠠᠰᠢᠬᠯᠠᠯᠳᠠ ᠳᠤ ᠤᠷᠤᠭᠤᠯᠤᠨ ᠴᠡᠴᠡᠷᠯᠢᠭ ᠲᠡᠭᠡᠨᠪᠠᠭ᠎ᠠ ᠪᠤᠰᠤ ᠵᠤᠭᠤᠰ ᠮᠥᠡᠭᠬᠦ ᠡᠷᠪᠢᠯᠠᠵᠤ ᠥᠭᠭᠦᠭᠰᠡᠭᠡᠷ ᠢᠷᠡᠪᠡ᠃ ᠡᠭᠦᠨ ᠤ ᠨᠥᠯᠥᠭᠡ ᠪᠠᠷ ᠬᠤᠰᠢᠭᠤᠨ ᠤ ᠪᠤᠰᠤᠳ ᠰᠤᠷᠭᠠᠭᠤᠯᠢᠪᠤᠶᠤ ᠬᠡᠤᠭᠡᠳ ᠤᠨ ᠴᠡᠴᠡᠷᠯᠢᠭ ᠨᠢ ᠴᠦ ᠬᠡᠤᠭᠡᠳ ᠪᠠᠭᠠᠴᠤᠳ ᠲᠤ ᠲᠤᠬᠢᠷᠠᠬᠤ ᠨᠠᠭᠠᠳᠤᠮ ᠲᠤᠬᠯᠠᠭᠠᠮ ᠤᠨ ᠲᠥᠭᠦᠮ ᠪᠠᠭᠠᠵᠢᠭᠡᠷᠡᠭᠯᠡᠭᠦᠷ ᠢ ᠲᠡᠭᠦᠨ ᠢᠶᠠᠷ ᠬᠢᠯᠭᠡᠬᠦ ᠪᠤᠯᠵᠤ᠂ ᠲᠡᠷᠨ ᠶᠠᠮᠠᠷᠴᠤ ᠡᠷᠡᠭᠡᠯᠵᠡᠯ ᠲᠠᠳᠠᠭᠠᠯᠵᠠᠯ ᠦᠭᠡᠢ ᠪᠠᠷ ᠴᠢᠨ᠋ᠨᠷ ᠰᠠᠶᠢᠲᠠᠢ ᠪᠡᠶᠡᠯᠡᠬᠦᠯᠦᠭᠡᠳᠦᠭᠳᠡᠭ᠃ ᠮᠤᠩᠭᠤᠯ ᠰᠤᠶᠤᠯ ᠳᠠᠭᠠᠨ ᠬᠠᠶᠢᠷᠠᠳᠠᠢ ᠲᠡᠷᠨ ᠮᠠᠨᠢ ᠨᠢᠭᠡ ᠯᠨ ᠰᠡᠳᠬᠢᠯ ᠢᠶᠠᠷ ᠮᠤᠩᠭᠤᠯ ᠭᠡᠤᠭᠡᠳ ᠲᠡᠭᠡᠨ ᠵᠢᠷᠦᠭᠡᠨᠲᠠᠮᠢᠷ ᠢᠶᠠᠨ ᠶᠡᠬᠦᠯᠡᠨ ᠴᠢᠷᠮᠠᠶᠢᠨ ᠠᠵᠢᠯᠯᠠᠨ᠎ᠠ!

 

ᠢᠷᠡᠯᠲᠡ᠄      ᠨᠠᠶᠢᠷᠠᠭᠤᠯᠤᠭᠴᠢ᠄