home
home

    《ᠴᠣᠯᠮᠣᠨ》 ᠋ ᠨᠡᠷᠡᠮᠵᠢᠲᠦ ᠣᠷᠣᠯᠲᠣᠭᠠᠨ ᠤ ᠱᠠᠩᠨᠠᠯ ᠣᠯᠭᠤᠬᠤ ᠶᠣᠰᠣᠯᠠᠯ

2016-08-29  13:06

8 ᠰᠠᠷ᠎ᠠ ᠶᠢᠨ 14  ᠋  ᠋ ᠤ ᠡᠳᠦᠷ᠂ 2014 ᠤᠨ ᠤ 《ᠴᠣᠯᠮᠣᠨ》 ᠋ ᠨᠡᠷᠡᠮᠵᠢᠲᠦ ᠷᠣᠮᠠᠨ ᠲᠣᠭᠤᠵᠢ ᠦᠬᠦᠯᠡᠯᠭᠡ ᠨᠠᠶᠢᠷᠠᠭᠤᠯᠣᠯ ᠤᠨ ᠱᠠᠩᠨᠠᠯᠲᠣ ᠣᠷᠣᠯᠲᠣᠭᠠᠨ ᠤ ᠱᠠᠩᠨᠠᠯ ᠣᠯᠭᠤᠬᠤ ᠶᠣᠰᠣᠯᠠᠯ ᠬᠦᠬᠡᠬᠤᠲᠠ ᠳᠤ ᠶᠠᠪᠣᠬᠲᠠᠪᠠ᠃ 2014 ᠤᠨ ᠤ ᠪᠦᠲᠦᠨ ᠵᠢᠯ ᠤᠨ ᠲᠣᠷᠰᠢ ᠶᠠᠪᠣᠬᠲᠠᠬᠰᠠᠨ 《ᠴᠣᠯᠮᠣᠨ》 ᠋ ᠨᠡᠷᠡᠮᠵᠢᠲᠦ ᠷᠣᠮᠠᠨ ᠲᠣᠭᠤᠵᠢ ᠦᠬᠦᠯᠡᠯᠭᠡ ᠨᠠᠶᠢᠷᠠᠭᠤᠯᠣᠯ ᠤᠨ ᠱᠠᠩᠨᠠᠯᠲᠣ ᠣᠷᠣᠯᠲᠣᠭᠠᠨ ᠳᠤ ᠨᠡᠶᠢᠲᠡ 120 ᠭᠠᠷᠣᠢ ᠡᠭᠡ ᠪᠢᠴᠢᠭ ᠬᠤᠷᠢᠶᠠᠨ ᠣᠯᠣᠬᠰᠠᠨ ᠪᠦᠭᠡᠳ ᠬᠢᠨᠠᠬᠴᠢ ᠰᠢᠬᠦᠭᠴᠢᠳ ᠠᠴᠠ ᠠᠭᠤᠯᠭ᠎ᠠ ᠡᠷᠡᠬᠦᠯ᠂ ᠣᠷᠠᠯᠢᠬ ᠤᠨ ᠵᠣᠬᠢᠬᠤ ᠠᠮᠵᠢᠯᠲᠠ ᠳᠤ ᠬᠦᠷᠦᠭᠰᠡᠨ ᠮᠦᠷᠲᠡᠭᠡᠨ ᠰᠡᠲᠦᠪ ᠤᠨ ᠬᠤᠪᠢ ᠳᠤ ᠦᠪᠡᠷᠮᠢᠴᠡ᠂ ᠨᠡᠭᠡᠭᠡᠯᠲᠡ ᠲᠠᠢ ᠪᠠᠶᠢᠵᠦ᠂ ᠣᠢᠢᠷ᠎ᠠ ᠶᠢᠨ ᠵᠢᠯ ᠤᠳ ᠤᠨ ᠮᠣᠩᠭᠤᠯ ᠲᠣᠭᠤᠵᠢᠰ ᠨᠠᠶᠢᠷᠠᠭᠤᠯᠣᠯ ᠤᠨ ᠰᠢᠨ᠎ᠠ ᠲᠦᠪᠰᠢᠨ ᠢ ᠬᠠᠷᠠᠭᠤᠯᠬᠤᠢᠢᠴᠠ ᠭᠡᠰᠡᠨ ᠱᠠᠭᠠᠷᠲᠠᠯᠭ᠎ᠠ ᠪᠠᠷ ᠬᠢᠨᠡᠨ ᠰᠢᠬᠦᠵᠦ ᠰᠢᠯᠭᠠᠷᠠᠭᠤᠯᠣᠬᠰᠠᠨ ᠪᠠᠶᠢᠨ᠎ᠠ᠃ ᠡᠶᠢᠨᠬᠦ 《ᠴᠣᠯᠮᠣᠨ》 ᠋ ᠨᠡᠷᠡᠮᠵᠢᠲᠦ ᠷᠣᠮᠠᠨ ᠲᠣᠭᠤᠵᠢ ᠦᠬᠦᠯᠡᠯᠭᠡ ᠨᠠᠶᠢᠷᠠᠭᠤᠯᠣᠯ ᠤᠨ ᠱᠠᠩᠨᠠᠯᠲᠣ ᠣᠷᠣᠯᠲᠣᠭᠠᠨ ᠤ ᠨᠢᠭᠡᠲᠦᠭᠡᠷ ᠲᠡᠰ ᠲᠤ ᠰᠦᠨᠢᠳ ᠪᠠᠷᠠᠭᠤᠨ ᠬᠤᠰᠢᠭᠤ ᠨᠣᠲᠤᠬ ᠲᠠᠢ ᠵᠣᠬᠢᠶᠠᠯᠴᠢ ᠬᠦᠩ᠊ · ᠪᠠᠲᠠᠷᠠᠬᠤ ᠶᠢᠨ 《ᠰᠦᠨᠢᠳ ᠤᠨ ᠰᠠᠶᠢᠨ ᠬᠢᠯᠦᠭᠡᠲᠡᠢ ᠪᠠᠭᠠᠲᠣᠷ ᠤᠨ ᠱᠠᠰᠲᠢᠷ ᠣᠷᠣᠰᠢᠪᠠᠢ》 ᠋ ᠭᠡᠬᠦ ᠷᠣᠮᠠᠨ ᠲᠣᠲᠣᠷᠠᠵᠦ 10000 ᠲᠦᠬᠦᠷᠢᠭ ᠤᠨ ᠱᠠᠩ ᠲᠣᠰᠴᠦ᠂ ᠬᠤᠶᠠᠲᠣᠭᠠᠷ ᠲᠡᠰ ᠲᠤ ᠬᠠᠭᠤᠴᠢᠨ ᠪᠠᠷᠭᠤ ᠬᠤᠰᠢᠭᠤᠨ ᠤ ᠭᠠᠷᠮ᠎ᠠ ᠶᠢᠨ ᠰᠢᠷᠡᠬᠦᠦ ᠶᠢᠨ 《ᠲᠠᠷᠢ ᠶᠢᠨ ᠦᠨᠦᠷ ᠲᠠᠢ ᠲᠠᠯ᠎ᠠ》 ᠋ ᠭᠡᠬᠦ ᠷᠣᠮᠠᠨ ᠪᠣᠯᠣᠨ ᠣᠲᠤᠬ ᠤᠨ ᠡᠮᠦᠨᠡᠲᠦ ᠬᠤᠰᠢᠭᠤᠨ ᠤ ᠮᠠᠯᠴᠢᠨ ᠵᠣᠬᠢᠶᠠᠯᠴᠢ ᠵ᠊ · ᠬᠠᠲᠠ ᠶᠢᠨ 《ᠮᠠᠶᠢᠯᠠᠩᠬᠠᠢ》 ᠋ ᠭᠡᠬᠦ ᠦᠬᠦᠯᠡᠯᠭᠡ ᠲᠣᠲᠣᠷᠠᠵᠦ᠂ ᠭᠤᠷᠪᠠᠲᠣᠭᠠᠷ ᠲᠡᠰ ᠲᠤ ᠭᠡᠷᠡᠯᠲᠦ ᠶᠢᠨ 《ᠰᠦᠯᠲᠡ ᠴᠠᠭᠠᠨ ᠱᠣᠩᠬᠤᠷ》 ᠋᠂ ᠬᠦᠭᠡᠴᠢᠨ᠋ᠸ᠎ᠠ ᠶᠢᠨ 《ᠦᠨᠦᠴᠢᠨ ᠲᠠᠪᠢᠯᠠᠩ》 ᠋᠂ ᠵᠠ᠊ · ᠬᠠᠰᠪᠠᠭᠠᠨ᠎ᠠ ᠶᠢᠨ 《ᠲᠦᠷᠪᠡᠨ ᠮᠦᠬᠦᠯᠢᠭ ᠰᠢᠷᠣᠢ》 ᠋᠂ ᠴ᠊ · ᠭᠤᠷᠤᠬ᠎ᠠ ᠶᠢᠨ 《ᠬᠦᠷ ᠨᠠᠷᠬᠢᠶᠠᠨᠲᠣ (ᠲᠠᠯ᠎ᠠ ᠶᠢᠨ ᠮᠣᠩᠭᠤᠯ ᠠᠶᠢᠯ) ᠦᠷᠬᠦᠭᠡ ᠮᠢᠨᠢ》 ᠋᠂ ᠬᠤᠱᠣᠳ ᠪᠠᠶᠠᠨ ᠤ 《ᠬᠦᠣᠰᠢ ᠬᠠᠭᠠᠨ》 ᠋ ᠵᠡᠷᠭᠡ ᠵᠣᠬᠢᠶᠠᠯ ᠲᠣᠲᠣᠷᠠᠵᠦ᠂ ᠦᠪᠦᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠬᠠᠷᠢᠶᠠᠲᠣ ᠲᠣᠮᠲᠠᠲᠣ ᠰᠣᠷᠭᠠᠭᠤᠯᠢ ᠶᠢᠨ ᠰᠣᠷᠣᠬᠴᠢ ᠠᠯᠢᠶ᠎ᠠ 《ᠪᠠᠯᠲᠠᠨ ᠤ ᠪᠠᠶᠠᠰᠣᠯ》 ᠋ ᠭᠡᠬᠦ ᠦᠬᠦᠯᠡᠯᠭᠡ ᠪᠠᠷ ᠢᠶᠠᠨ ᠰᠢᠨ᠎ᠠ ᠬᠦᠮᠦᠨ ᠤ ᠱᠠᠩᠨᠠᠯ ᠲᠣᠰᠴᠠᠢ᠃

 

ᠢᠷᠡᠯᠲᠡ᠄      ᠨᠠᠶᠢᠷᠠᠭᠤᠯᠤᠭᠴᠢ᠄