home
home

    ᠪᠠᠶᠢᠭᠤᠯᠤᠯᠭ᠎ᠠ ᠶᠢᠨ 《ᠬᠤᠶᠠᠷ ᠢ ᠰᠤᠷᠤᠯᠴᠠᠵᠤ ᠨᠢᠭᠡ ᠳᠤ ᠲᠡᠩᠴᠡᠭᠦᠯᠭᠦ》 ᠋ ᠶᠢ ᠴᠢᠩᠭ᠎ᠠ ᠠᠳᠬᠤᠨ ᠪᠤᠳᠠᠳᠠᠢ ᠠᠳᠬᠤᠵᠤ ᠰᠤᠷᠤᠯᠴᠠᠯᠭ᠎ᠠ ᠬᠦᠮᠦᠵᠢᠯ ᠤᠨ ᠦᠷ᠎ᠡ ᠪᠦᠳᠦᠮᠵᠢ ᠶᠢ ᠦᠨᠡᠨᠭᠦ ᠦᠢᠯᠡ ᠠᠵᠢᠯᠯᠠᠭ᠎ᠠ ᠲᠡᠭᠡᠷ᠎ᠡ ᠪᠠᠨ ᠢᠯᠡᠷᠡᠭᠦᠯᠭᠦ ᠬᠡᠷᠡᠭᠳᠡᠢ

2016-08-29  17:30

8 ᠰᠠᠷ᠎ᠠ ᠶᠢᠨ 19  ᠋  ᠋ ᠤ ᠡᠳᠦᠷ᠂ ᠦᠪᠡᠷᠳᠡᠭᠡᠨ ᠵᠠᠰᠠᠬᠤ ᠤᠷᠤᠨ ᠤ ᠰᠢᠭᠤᠳ ᠬᠠᠷᠢᠶ᠎ᠠ ᠪᠠᠶᠢᠭᠤᠯᠤᠯᠭ᠎ᠠ 《ᠬᠤᠶᠠᠷ ᠢ     ᠰᠤᠷᠤᠯᠴᠠᠵᠤ ᠨᠢᠭᠡ ᠳᠤ ᠲᠡᠩᠴᠡᠭᠦᠯᠭᠦ》 ᠋ ᠰᠤᠷᠤᠯᠴᠠᠯᠭ᠎ᠠ ᠬᠦᠮᠦᠵᠢᠯ ᠤᠨ ᠲᠤᠷᠰᠢᠯᠭ᠎ᠠ ᠰᠤᠯᠢᠯᠴᠠᠬᠤ ᠬᠤᠷᠠᠯ   ᠬᠤᠷᠠᠯᠳᠤᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ 《7 · 1》 ᠋ ᠴᠢᠬᠤᠯᠠ ᠶᠠᠷᠢᠶ᠎ᠠ ᠶᠢᠨ ᠵᠤᠷᠢᠭ ᠰᠠᠨᠠᠭ᠎ᠠ ᠵᠢᠴᠢ   ᠲᠦᠪ ᠤᠨ ᠪᠠ ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠱᠠᠭᠠᠷᠳᠠᠯᠭ᠎ᠠ ᠶᠢ ᠬᠦᠨᠵᠡᠭᠡᠢ ᠲᠤᠤᠱᠯᠠᠭᠤᠯᠵᠤ᠂  ᠪᠠᠶᠢᠭᠤᠯᠤᠯᠭ᠎ᠠ ᠶᠢᠨ ᠰᠤᠷᠤᠯᠴᠠᠯᠭ᠎ᠠ ᠬᠦᠮᠦᠵᠢᠯ ᠤᠨ ᠠᠵᠢᠯ ᠢ ᠴᠢᠨᠠᠬᠰᠢᠳᠠ ᠬᠦᠨᠵᠡᠭᠡᠶᠢᠷᠡᠭᠦᠯᠭᠦ ᠲᠤᠬᠠᠢ ᠪᠠᠶᠢᠷᠢᠯᠠᠭᠤᠯᠤᠯᠳᠠ       ᠬᠢᠪᠠ᠃       ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠭᠦᠨ᠂ ᠵᠤᠬᠢᠶᠠᠨ ᠪᠠᠶᠢᠭᠤᠯᠬᠤ     ᠬᠡᠯᠳᠡᠰ ᠤᠨ ᠲᠠᠷᠤᠭ᠎ᠠ ᠯᠢ ᠫᠧᠩ ᠰᠢᠨ ᠬᠤᠷᠠᠯ ᠳᠤ ᠤᠷᠤᠯᠴᠠᠨ ᠶᠠᠷᠢᠶ᠎ᠠ ᠲᠠᠯᠪᠢᠪᠠ᠃          ᠯᠢ ᠫᠧᠩ ᠰᠢᠨ ᠵᠢᠭᠠᠵᠤ ᠭᠠᠷᠭᠠᠭᠰᠠᠨ ᠨᠢ᠂ 《ᠬᠤᠶᠠᠷ ᠢ ᠰᠤᠷᠤᠯᠴᠠᠵᠤ ᠨᠢᠭᠡ ᠳᠤ ᠲᠡᠩᠴᠡᠭᠦᠯᠭᠦ》 ᠋ ᠰᠤᠷᠤᠯᠴᠠᠯᠭ᠎ᠠ   ᠬᠦᠮᠦᠵᠢᠯ ᠪᠤᠯ ᠡᠨᠡ ᠵᠢᠯ ᠤᠨ ᠨᠠᠮ ᠤᠨ ᠪᠠᠶᠢᠭᠤᠯᠤᠯᠳᠠ ᠶᠢᠨ ᠨᠢᠭᠡᠨ ᠲᠤᠮᠤ ᠶᠠᠪᠤᠳᠠᠯ ᠪᠤᠯᠤᠨ᠎ᠠ᠂ ᠡᠯ᠎ᠠ ᠰᠢᠭᠤᠳ ᠬᠠᠷᠢᠶ᠎ᠠ    ᠪᠠᠶᠢᠭᠤᠯᠤᠯᠭ᠎ᠠ ᠶᠢᠨ ᠨᠠᠮ ᠤᠨ ᠤᠳᠤᠷᠢᠳᠬᠤ ᠲᠤᠭᠤᠢᠢᠯᠠᠩ (ᠨᠠᠮ ᠤᠨ ᠬᠤᠷᠢᠶ᠎ᠠ) ᠡᠷᠬᠡᠪᠰᠢ ᠤᠯᠤᠰ ᠲᠦᠷᠦ ᠶᠢᠨ  ᠤᠬᠠᠮᠰᠠᠷ᠂ ᠶᠡᠭᠡ ᠲᠠᠯ᠎ᠠ ᠶᠢᠨ ᠤᠬᠠᠮᠰᠠᠷ᠂ ᠭᠤᠤᠯᠯᠠᠬᠤ ᠤᠬᠠᠮᠰᠠᠷ᠂ ᠨᠢᠭᠡᠳᠦᠯᠳᠡᠢ ᠪᠠᠶᠢᠬᠤ ᠤᠬᠠᠮᠰᠠᠷ ᠢ ᠪᠠᠳᠤ ᠪᠠᠬᠢ ᠪᠤᠢ       ᠪᠤᠯᠭᠠᠨ᠂ ᠨᠠᠮ ᠤᠨ ᠲᠦᠷᠢᠮ ᠨᠠᠮ ᠤᠨ ᠲᠤᠭᠳᠠᠭᠠᠯ ᠪᠠ ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶ᠎ᠠ ᠨᠤᠭᠤᠳ ᠤᠨ ᠵᠤᠷᠢᠭ ᠰᠠᠨᠠᠭ᠎ᠠ ᠶᠢ ᠦᠷᠭᠦᠯᠵᠢᠯᠡᠨ ᠬᠦᠨᠵᠡᠭᠡᠢ ᠰᠤᠷᠤᠯᠴᠠᠨ ᠲᠤᠤᠱᠯᠠᠭᠤᠯᠵᠤ᠂ ᠲᠡᠭᠡᠳᠦ ᠬᠡᠮᠵᠢᠶᠡᠨ ᠤ ᠤᠯᠤᠰ ᠲᠦᠷᠦ ᠶᠢᠨ       ᠬᠠᠷᠢᠭᠤᠴᠠᠯᠭᠠᠳᠦ ᠰᠡᠳᠬᠢᠯᠭᠡ ᠪᠠ ᠴᠢᠩᠭ᠎ᠠ ᠪᠦᠭᠡᠳ ᠪᠤᠳᠠᠳᠠᠢ ᠪᠠᠶᠢᠬᠤ ᠰᠤᠷᠳᠠᠯ ᠢᠶᠠᠷ ᠰᠤᠷᠤᠯᠴᠠᠯᠭ᠎ᠠ ᠬᠦᠮᠦᠵᠢᠯ ᠢ ᠴᠢᠩᠭ᠎ᠠ      ᠠᠳᠬᠤᠨ ᠰᠠᠶᠢᠳᠤᠷ ᠠᠳᠬᠤᠵᠤ ᠦᠨᠡᠨᠬᠦ ᠦᠷ᠎ᠠ ᠪᠦᠳᠦᠮᠵᠢ ᠭᠠᠷᠭᠠᠬᠤ ᠬᠡᠷᠡᠭᠳᠡᠢ ᠬᠡᠪᠠ᠃       ᠯᠢ ᠫᠧᠩ ᠰᠢᠨ ᠴᠢᠬᠤᠯᠠᠴᠢᠯᠠᠬᠰᠠᠨ ᠨᠢ᠂ ᠶᠡᠷᠦᠩᠬᠡᠢ ᠱᠦᠵᠢ ᠰᠢ ᠶᠢᠨ ᠫᠢᠩ ᠤᠨ 《7 · 1》 ᠋ ᠤ ᠴᠢᠬᠤᠯᠠ    ᠶᠠᠷᠢᠶ᠎ᠠ ᠶᠢᠨ ᠵᠤᠷᠢᠭ ᠰᠠᠨᠠᠭ᠎ᠠ ᠶᠢ ᠬᠢᠨᠠᠮᠠᠭᠠᠢ ᠰᠤᠷᠤᠯᠴᠠᠨ ᠲᠤᠤᠱᠯᠠᠭᠤᠯᠵᠤ᠂ 《ᠵᠢᠷᠭᠤᠭᠠᠨ ᠨᠢᠭᠡ》 ᠋ ᠶᠢᠨ   ᠰᠤᠷᠤᠯᠴᠠᠯᠭ᠎ᠠ ᠶᠢᠨ ᠲᠤᠭᠳᠠᠴᠠ ᠶᠢ ᠴᠢᠩᠭ᠎ᠠ ᠨᠡᠶᠢᠳᠡᠪᠦᠷᠢᠵᠢᠭᠤᠯᠤᠨ᠂ ᠶᠠᠷᠢᠶ᠎ᠠ ᠠᠴᠠ ᠤᠯᠤᠭᠰᠠᠨ ᠬᠦᠴᠦᠨ ᠴᠢᠳᠠᠯ ᠢᠶᠠᠨ      ᠤᠬᠠᠮᠰᠠᠷ ᠢᠶᠠᠨ ᠪᠠᠳᠤᠳᠬᠠᠬᠤ ᠢᠳᠡᠭᠡᠯ ᠪᠢᠰᠢᠷᠡᠯ᠂ ᠠᠳᠠᠯ ᠦᠢᠯᠡᠰ ᠪᠤᠰᠬᠠᠬᠤ ᠤᠷᠮ᠎ᠠ ᠰᠡᠳᠬᠢᠯᠭᠡ ᠪᠠ ᠵᠤᠷᠢᠬᠳᠠᠢ ᠪᠠᠷ   ᠬᠠᠷᠢᠭᠤᠴᠠᠯᠭ᠎ᠠ ᠬᠦᠢᠴᠡᠳᠭᠡᠭᠦ ᠰᠤᠷᠳᠠᠯ ᠪᠤᠯᠭᠠᠨ ᠬᠤᠪᠢᠷᠠᠭᠤᠯᠬᠤ ᠬᠡᠷᠡᠭᠳᠡᠢ᠃ ᠦᠨᠳᠦᠰᠦᠨ ᠱᠠᠳᠤᠨ ᠤ ᠨᠠᠮ ᠤᠨ    ᠪᠠᠶᠢᠭᠤᠯᠤᠯᠳᠠ ᠶᠢᠨ 7 ᠵᠦᠢᠯ ᠤᠨ ᠭᠤᠤᠯᠳᠠᠯᠭ᠎ᠠ ᠲᠠᠢ ᠠᠵᠢᠯ ᠤᠨ ᠡᠭᠦᠷᠭᠡ ᠶᠢᠨ ᠨᠡᠶᠢᠳᠡᠪᠦᠷᠢᠵᠢᠭᠤᠯᠤᠯᠳᠠ ᠶᠢ ᠡᠷᠴᠢᠮᠳᠠᠢ   ᠠᠳᠬᠤᠵᠤ᠂ ᠨᠠᠮ ᠤᠨ ᠬᠡᠰᠢᠭᠦᠨ ᠵᠤᠬᠢᠶᠠᠨ ᠪᠠᠶᠢᠭᠤᠯᠤᠯᠳᠠ ᠶᠢᠨ ᠬᠠᠷᠢᠴᠠᠭ᠎ᠠ ᠵᠡᠷᠭᠡ ᠶᠢ ᠲᠦᠪᠯᠡᠷᠡᠭᠦᠯᠦᠨ ᠴᠡᠭᠴᠡᠯᠡᠭᠦ ᠪᠠ       ᠲᠤᠰᠬᠠᠢ ᠪᠠᠶᠢᠴᠠᠭᠠᠯᠳᠠ ᠶᠢ ᠬᠦᠨᠵᠡᠭᠡᠢ ᠦᠷᠨᠢᠭᠦᠯᠦᠨ᠂ ᠨᠠᠮ ᠤᠨ ᠪᠠᠶᠢᠭᠤᠯᠤᠯᠳᠠ ᠶᠢ ᠠᠳᠬᠤᠬᠤ ᠪᠠᠷ ᠶᠠᠳᠠᠭᠤ ᠠᠴᠠ       ᠠᠩᠬᠢᠵᠢᠷᠠᠭᠤᠯᠬᠤ ᠪᠤᠭᠤᠮᠳᠠ ᠰᠢᠪᠳᠤᠯᠬᠤ ᠶᠢ ᠠᠬᠢᠭᠤᠯᠬᠤ ᠠᠵᠢᠯ ᠢ ᠯᠠᠪᠳᠠᠭᠤᠨ ᠪᠠᠳᠤᠳᠠᠢ ᠠᠬᠢᠭᠤᠯᠬᠤ ᠬᠡᠷᠡᠭᠳᠡᠢ᠃ 《  ᠰᠤᠷᠤᠯᠴᠠᠯᠭ᠎ᠠ》 ᠋ ᠪᠤᠯ ᠰᠠᠭᠤᠷᠢ᠂ 《ᠲᠡᠩᠴᠡᠭᠦᠯᠭᠦ》 ᠋ ᠪᠤᠯ ᠵᠠᠩᠬᠢᠯᠠᠭ᠎ᠠ ᠶᠢ ᠲᠤᠪᠤᠶᠢᠯᠭᠠᠨ᠂ ᠦᠨᠳᠦᠰᠦᠨ ᠱᠠᠳᠤᠨ ᠤ       ᠨᠠᠮ ᠤᠨ ᠵᠤᠬᠢᠶᠠᠨ ᠪᠠᠶᠢᠭᠤᠯᠤᠯᠳᠠ ᠶᠢᠨ ᠠᠮᠢᠵᠢᠷᠠᠯ ᠤᠨ ᠬᠦᠴᠦᠨ ᠢ ᠦᠨᠡᠡᠭᠦ ᠪᠠᠳᠠᠷᠠᠭᠤᠯᠵᠤ᠂ ᠰᠤᠷᠤᠯᠴᠠᠯᠭ᠎ᠠ ᠬᠦᠮᠦᠵᠢᠯ ᠤᠨ       ᠦᠷ᠎ᠡ ᠪᠦᠳᠦᠮᠵᠢ ᠶᠢ ᠠᠵᠢᠯ ᠢ ᠠᠬᠢᠭᠤᠯᠤᠨ ᠬᠦᠭᠵᠢᠯᠳᠡ ᠶᠢ ᠲᠦᠷᠭᠡᠳᠭᠡᠬᠦ ᠲᠡᠭᠡᠷ᠎ᠡ ᠢᠯᠡᠷᠡᠭᠦᠯᠭᠦ ᠬᠡᠷᠡᠭᠳᠡᠢ᠃ ᠨᠠᠮ ᠤᠨ   ᠤᠳᠤᠷᠢᠳᠬᠤ ᠲᠤᠭᠤᠢᠢᠯᠠᠩ (ᠨᠠᠮ ᠤᠨ ᠬᠤᠷᠢᠶ᠎ᠠ) ᠋ ᠤᠨ ᠭᠤᠤᠯ ᠴᠤᠬᠴᠠ ᠶᠢᠨ ᠬᠠᠷᠢᠭᠤᠴᠠᠯᠭ᠎ᠠ᠂ ᠰᠢᠭᠤᠳ ᠬᠠᠷᠢᠶ᠎ᠠ       ᠪᠠᠶᠢᠭᠤᠯᠤᠯᠭ᠎ᠠ ᠶᠢᠨ ᠠᠵᠢᠯ ᠤᠨ ᠬᠤᠷᠢᠶ᠎ᠠ ᠶᠢᠨ ᠵᠢᠭᠠᠨ ᠵᠢᠯᠤᠭᠤᠳᠬᠤ ᠬᠠᠷᠢᠭᠤᠴᠠᠯᠭ᠎ᠠ᠂ ᠪᠠᠶᠢᠴᠠᠭᠠᠨ ᠰᠤᠳᠤᠯᠵᠤ  ᠵᠢᠯᠤᠭᠤᠳᠬᠤ ᠲᠤᠭᠤᠢᠢᠯᠠᠩ ᠤᠨ ᠱᠠᠯᠠᠪᠳᠠᠭᠤᠯᠤᠨ ᠠᠬᠢᠭᠤᠯᠬᠤ ᠬᠠᠷᠢᠭᠤᠴᠠᠯᠭ᠎ᠠ ᠶᠢ ᠴᠢᠨᠠᠬᠰᠢᠳᠠ ᠰᠠᠶᠢᠳᠤᠷ       ᠨᠡᠶᠢᠳᠡᠪᠦᠷᠢᠵᠢᠭᠤᠯᠵᠤ᠂ ᠰᠤᠷᠤᠯᠴᠠᠯᠭ᠎ᠠ ᠬᠦᠮᠦᠵᠢᠯ ᠢ ᠰᠠᠶᠢᠳᠤᠷ ᠵᠤᠬᠢᠶᠠᠨ ᠪᠠᠶᠢᠭᠤᠯᠤᠨ᠂ ᠰᠠᠶᠢᠳᠤᠷ ᠠᠬᠢᠭᠤᠯᠵᠤ᠂       ᠦᠪᠡᠷᠳᠡᠭᠡᠨ ᠵᠠᠰᠠᠬᠤ ᠤᠷᠤᠨ ᠤ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ ᠪᠡᠶᠡᠯᠡᠭᠦᠯᠭᠦ ᠰᠢᠢᠳᠪᠦᠷᠢᠳᠦ ᠢᠯᠡᠯᠳᠡ ᠶᠢ      ᠲᠡᠮᠡᠴᠡᠨ ᠤᠯᠬᠤ ᠪᠠ ᠡᠭᠡ ᠤᠯᠤᠰ ᠤᠨ ᠤᠮᠠᠷᠠᠳᠦ ᠶᠢᠨ ᠦᠵᠡᠮᠵᠢ ᠶᠢᠨ ᠤᠷᠤᠨ ᠢᠶᠠᠨ ᠨᠠᠩ ᠦᠵᠡᠰᠭᠦᠯᠡᠩᠳᠦ ᠰᠠᠶᠢᠬᠠᠨ   ᠪᠤᠯᠭᠠᠨ ᠪᠦᠳᠦᠭᠡᠨ ᠪᠠᠶᠢᠭᠤᠯᠬᠤ ᠳᠤ ᠪᠠᠳᠤ ᠴᠢᠩᠭ᠎ᠠ ᠪᠠᠳᠤᠯᠠᠭ᠎ᠠ ᠬᠠᠩᠭᠠᠬᠤ ᠬᠡᠷᠡᠭᠳᠡᠢ ᠬᠡᠵᠡᠢ᠃

ᠢᠷᠡᠯᠲᠡ᠄      ᠨᠠᠶᠢᠷᠠᠭᠤᠯᠤᠭᠴᠢ᠄