home
home

    《ᠮᠤᠩᠭᠤᠯ ᠰᠤᠶᠤᠯ ᠤᠨ ᠭᠠᠯ ᠠᠶᠠᠨ•2016》 ᠋ ᠲᠤᠮᠤ ᠬᠡᠯᠪᠡᠷᠢ ᠶᠢᠨ ᠦᠪᠦᠷ ᠮᠤᠩᠭᠤᠯ ᠤᠨ ᠡᠳᠤᠷ ᠤᠨ ᠰᠤᠨᠢᠨ ᠤ (ᠮᠤᠩᠭᠤᠯ ᠬᠡᠪᠯᠠᠯ)  ᠤ ᠬᠠᠮ ᠵᠠᠭᠤᠴᠢᠯᠠᠭᠤᠷ ᠪᠠ ᠦᠪᠦᠷ ᠮᠤᠩᠭᠤᠯ  ᠤᠨ ᠮᠤᠩᠭᠤᠯ ᠤᠨ ᠰᠤᠨᠢᠨ ᠰᠦᠯᠵᠢᠶ᠎ᠠ ᠶᠢᠨ ᠬᠤᠯᠪᠤᠭ᠎ᠠ ᠶᠢᠨ ᠬᠢᠨ ᠬᠠᠮᠳᠤᠷᠠᠨ ᠲᠤᠮᠳᠠᠳᠤ ᠤᠯᠤᠰ ᠤᠨ ᠠᠭᠠᠷ ᠤᠨ ᠴᠡᠷᠢᠭ ᠤᠨ ᠬᠢᠨ ᠠᠭᠠᠷ ᠤᠨ ᠰᠡᠷᠭᠡᠶᠢᠯᠡᠯᠳᠠ ᠵᠠᠯᠠᠭᠤᠷᠳᠤ ᠰᠤᠮᠤ ᠶᠢ ᠰᠡᠷᠭᠡᠶᠢᠯᠡᠬᠦ ᠴᠢᠳᠠᠪᠦᠷᠢ ᠶᠢᠨ ᠪᠠᠶᠢᠭᠤᠯᠤᠯᠳᠡ ᠶᠢ ᠲᠦᠷᠭᠡᠳᠭᠡᠨ ᠬᠤᠯᠡ ᠲᠤᠮᠳᠡ ᠦᠢᠷ᠎ᠡ ᠵᠠᠮ ᠤᠨ ᠦᠨᠳᠤᠷ ᠲᠤᠮᠳᠡ ᠲᠤᠤᠷ᠎ᠡ ᠤᠭᠳᠠᠷᠭᠤᠢ ᠬᠠᠷᠢᠯᠴᠡᠨ ᠤᠶᠠᠯᠳᠤᠬᠰᠡᠨ ᠪᠠᠶᠢᠯᠳᠤᠭᠠᠨ ᠤ ᠰᠢᠰᠲ᠋ᠧᠮ ᠢ ᠪᠦᠷᠢᠯᠳᠦᠭᠦᠯᠵᠠᠢ

2016-08-29  17:33

ᠲᠤᠮᠳᠠᠳᠤ ᠤᠯᠤᠰ ᠤᠨ ᠠᠭᠠᠷ ᠤᠨ ᠴᠡᠷᠢᠭ ᠤᠨ ᠰᠤᠨᠢᠨ ᠮᠡᠳᠡᠭᠡᠨ ᠤ ᠦᠭᠦᠯᠡᠭᠴᠢ ᠱᠧᠨ ᠶᠢᠨ ᠺᠧ ᠠᠬᠠᠯᠠᠬᠤ   ᠬᠤᠷᠠᠩᠳᠡ ᠠᠭᠠᠷ ᠤᠨ ᠴᠡᠷᠢᠭ ᠤᠨ 《ᠪᠠᠭᠠᠳᠤᠷ ᠪᠠᠲᠯᠢᠶᠤᠨ》 ᠋ ᠳᠤ᠄ ᠲᠠᠯᠠᠬᠡᠢ ᠲᠡᠭᠡᠷ᠎ᠡ ᠠᠩᠬᠠᠳᠠᠭᠴᠢ ᠤᠳᠠᠭ᠎ᠠ     ᠭᠠᠵᠠᠷ ᠲᠠᠬᠢ ᠠᠭᠠᠷ ᠤᠨ ᠰᠡᠷᠭᠡᠶᠢᠯᠡᠯᠳᠠ ᠶᠢᠨ ᠵᠠᠯᠠᠭᠤᠷᠳᠤ ᠰᠤᠮᠤ ᠶᠢ ᠭᠡᠷᠡᠭᠯᠡᠨ ᠲᠠᠶᠢᠰᠤᠨ ᠤ ᠨᠢᠰᠭᠡᠯ ᠢ ᠫᠤᠤᠳᠡᠨ      ᠤᠨᠠᠭᠠᠬᠰᠡᠨ ᠵᠢᠱᠢᠶ᠎ᠡ ᠶᠢ ᠡᠭᠦᠳᠦᠭᠰᠡᠡ 《ᠪᠠᠭᠠᠳᠤᠷ ᠪᠠᠲᠯᠢᠶᠤᠨ》 ᠋ ᠨᠢ ᠲᠤᠮᠳᠠᠳᠤ ᠤᠯᠤᠰ ᠤᠨ ᠪᠡᠶ᠎ᠡ ᠪᠠᠨ ᠲᠠᠭᠠᠭᠠᠵᠤ   ᠰᠤᠳᠤᠯᠤᠨ ᠦᠢᠯᠡᠳᠦᠭᠰᠡᠨ ᠭᠤᠷᠪᠠᠳᠤᠭᠠᠷ ᠦᠶ᠎ᠡ ᠶᠢᠨ ᠠᠭᠠᠷ ᠤᠨ ᠰᠡᠷᠭᠡᠶᠢᠯᠡᠯᠳᠠ ᠶᠢᠨ ᠵᠠᠯᠠᠭᠤᠷᠳᠤ ᠰᠤᠮᠤ ᠶᠢ       ᠲᠤᠨᠤᠭᠯᠠᠬᠰᠡᠨ ᠤ ᠲᠠᠷᠠᠭ᠎ᠠ᠂ ᠨᠢᠭᠡᠨᠳᠡ ᠪᠠᠶᠢᠯᠳᠤᠭᠠᠨ ᠬᠢᠭᠦ ᠴᠢᠳᠠᠪᠦᠷᠢ ᠶᠢ ᠪᠦᠷᠢᠯᠳᠦᠭᠦᠯᠵᠡᠢ᠃ ᠤᠳᠤᠬᠠᠨ ᠳᠤ᠂ ᠠᠭᠠᠷ ᠤᠨ ᠴᠡᠷᠢᠭ ᠤᠨ ᠭᠠᠵᠠᠷ ᠲᠠᠬᠢ ᠠᠭᠠᠷ ᠤᠨ ᠰᠡᠷᠭᠡᠶᠢᠯᠡᠯᠳᠡ ᠶᠢᠨ ᠴᠡᠷᠢᠭ ᠰᠢᠨ᠎ᠡ ᠶᠢ ᠡᠭᠦᠳᠭᠦ ᠪᠠᠷ ᠬᠦᠳᠡᠯᠭᠡᠬᠦᠷ ᠪᠤᠯᠭᠠᠬᠤ       ᠬᠦᠭᠵᠢᠯᠳᠠ ᠳᠤᠮᠳᠠ ᠬᠤᠯᠡ ᠲᠤᠮᠳᠡ ᠦᠢᠷ᠎ᠡ ᠵᠠᠮ᠂ ᠦᠨᠳᠤᠷ ᠲᠤᠮᠳᠡ ᠲᠤᠤᠷ᠎ᠡ ᠤᠭᠳᠠᠷᠭᠤᠢ ᠬᠠᠷᠢᠯᠴᠡᠨ ᠤᠶᠠᠯᠳᠤᠬᠰᠡᠨ ᠪᠠᠶᠢᠯᠳᠤᠭᠠᠨ ᠤ ᠴᠢᠳᠠᠪᠦᠷᠢ ᠶᠢᠨ ᠰᠢᠰᠲ᠋ᠧᠮ ᠢ ᠪᠦᠷᠢᠯᠳᠦᠭᠦᠯᠵᠤ᠂ ᠮᠡᠳᠡᠭᠡ ᠵᠠᠩᠬᠢᠵᠢᠯᠳᠡ ᠶᠢᠨ ᠨᠦᠭᠦᠴᠡᠯ ᠲᠤᠤᠷ᠎ᠠ ᠠᠭᠠᠷ ᠤᠨ       ᠰᠡᠷᠭᠡᠶᠢᠯᠡᠯᠳᠡ ᠵᠠᠯᠠᠭᠤᠷᠳᠤ ᠰᠤᠮᠤ ᠶᠢ ᠰᠡᠷᠭᠡᠶᠢᠯᠡᠬᠦ ᠴᠢᠳᠠᠪᠦᠷᠢ ᠪᠦᠭᠦ ᠲᠠᠯ᠎ᠡ ᠪᠠᠷ ᠲᠡᠭᠡᠭᠰᠢᠯᠡᠭᠦᠯᠵᠤ᠂ ᠤᠯᠤᠰ ᠤᠨ ᠠᠭᠠᠷ    ᠤᠭᠳᠠᠷᠭᠤᠢ ᠶᠢᠨ ᠠᠮᠤᠷ ᠲᠦᠪᠰᠢᠨ ᠤ ᠭᠦᠭᠡ ᠤᠬᠳᠠᠷᠭᠤᠢ ᠶᠢᠨ ᠪᠠᠮᠪᠠᠢ ᠶᠢ ᠴᠤᠭᠴᠠᠯᠠᠵᠠᠢ ᠭᠡᠵᠤ ᠢᠯᠡᠳᠭᠡᠪᠡ᠃     ᠠᠭᠠᠷ ᠤᠨ ᠰᠡᠷᠭᠡᠶᠢᠯᠡᠯᠳᠡ ᠵᠠᠯᠠᠭᠤᠷᠳᠤ ᠰᠤᠮᠤ ᠶᠢ ᠰᠡᠷᠭᠡᠶᠢᠯᠡᠬᠦ ᠪᠤᠯ ᠠᠭᠠᠷ ᠤᠨ ᠴᠡᠷᠢᠭ ᠤᠨ ᠪᠠᠶᠢᠯᠳᠤᠬᠤ ᠪᠤᠳᠤᠯᠭ᠎ᠠ ᠶᠢᠨ ᠴᠢᠳᠠᠪᠦᠷᠢ ᠶᠢᠨ ᠴᠢᠬᠤᠯᠡ ᠪᠦᠷᠢᠯᠳᠤᠭᠦᠨ ᠭᠡᠰᠡᠭ ᠮᠦᠨ᠃ ᠤᠯᠤᠰ ᠤᠨ ᠠᠮᠤᠷ ᠲᠦᠪᠰᠢᠨ ᠢ ᠬᠠᠮᠠᠭᠠᠯᠠᠬᠤ᠂ ᠡᠩᠭᠡ ᠲᠠᠶᠢᠪᠦᠩ ᠢᠶᠠᠷ ᠭᠦᠭᠵᠢᠯᠳᠠ ᠶᠢ ᠪᠠᠳᠤᠯᠠᠬᠤ ᠪᠠᠷ ᠭᠠᠷᠳᠠᠴᠠ ᠪᠤᠯᠭᠠᠵᠤ᠂ ᠠᠭᠠᠷ ᠤᠨ ᠴᠡᠷᠢᠭ ᠤᠨ ᠬᠢᠨ 《ᠠᠭᠠᠷ      ᠤᠭᠳᠠᠷᠭᠤᠢ ᠶᠢᠨ ᠨᠢᠭᠡ ᠴᠤᠭᠴᠠᠵᠢᠯᠳᠡ᠂ ᠲᠠᠭᠠᠷᠢᠯᠳᠡ ᠰᠡᠷᠭᠡᠶᠢᠯᠡᠯᠳᠡ ᠶᠢ ᠬᠠᠪᠰᠤᠷᠭᠠᠭᠬᠤ》 ᠋ ᠪᠠᠶᠢᠯᠳᠤᠬᠤ ᠪᠤᠳᠤᠯᠭ᠎ᠠ ᠶᠢᠨ       ᠱᠠᠭᠠᠷᠳᠠᠯᠭ᠎ᠠ ᠶᠢᠨ ᠶᠤᠰᠤᠭᠠᠷ᠂ ᠤᠯᠤᠰ ᠤᠨ ᠨᠤᠳᠤᠭ ᠲᠡᠪᠢᠰᠭᠡᠷ ᠤᠨ ᠠᠭᠠᠷ ᠤᠨ ᠰᠡᠷᠭᠡᠶᠢᠯᠡᠯᠳᠡ ᠶᠢᠨ ᠬᠡᠯᠪᠡᠷᠢ ᠠᠴᠠ     ᠲᠠᠭᠠᠷᠢᠯᠳᠡ ᠰᠡᠷᠭᠡᠶᠢᠯᠡᠯᠳᠡ ᠶᠢ ᠬᠠᠪᠰᠤᠷᠭᠠᠭᠰᠠᠨ ᠬᠡᠯᠪᠡᠷᠢ ᠲᠡᠰᠢ ᠬᠤᠪᠢᠷᠠᠬᠤ ᠶᠢ ᠪᠡᠶᠡᠯᠡᠭᠦᠯᠵᠤ᠂ ᠮᠡᠳᠡᠭᠡ ᠵᠠᠩᠬᠢᠵᠢᠯᠳᠡ ᠶᠢᠨ ᠪᠠᠶᠢᠯᠳᠤᠭᠠᠨ ᠤ ᠭᠡᠷᠡᠭᠴᠡᠭᠡ ᠳᠤ ᠲᠤᠬᠢᠷᠠᠬᠰᠡᠨ ᠠᠭᠠᠷ ᠤᠭᠳᠠᠷᠭᠤᠢ ᠶᠢᠨ ᠰᠡᠷᠭᠡᠶᠢᠯᠡᠯᠳᠡ ᠶᠢᠨ ᠭᠦᠴᠤᠨ ᠤ ᠰᠢᠰᠲᠧᠮ ᠢ     ᠪᠠᠶᠢᠭᠤᠯᠵᠤ᠂ ᠪᠠᠶᠢᠯᠳᠤᠬᠤ ᠪᠤᠳᠤᠯᠭ᠎ᠠ ᠶᠢᠨ ᠤᠷᠢᠳᠴᠢᠯᠡᠨ ᠰᠡᠷᠡᠮᠵᠢᠯᠡᠭᠦ᠂ ᠠᠭᠠᠷ ᠳᠡᠭᠡᠷ᠎ᠠ ᠴᠤᠬᠢᠯᠳᠡ ᠦᠭᠭᠦ᠂ ᠠᠭᠠᠷ ᠤᠨ  ᠰᠡᠷᠭᠡᠶᠢᠯᠡᠯᠳᠡ ᠵᠠᠯᠠᠭᠤᠷᠳᠤ ᠰᠤᠮᠤ ᠶᠢ ᠰᠡᠷᠭᠡᠶᠢᠯᠡᠬᠦ᠂ ᠮᠡᠳᠡᠭᠡ ᠵᠠᠩᠬᠢ ᠶᠢᠨ ᠡᠰᠡᠷᠭᠦᠴᠡᠯᠳᠤᠯ᠂ ᠠᠭᠠᠷ ᠳᠡᠭᠡᠷ᠎ᠠ ᠠᠴᠠ ᠪᠠᠭᠤᠵᠤ       ᠪᠠᠶᠢᠯᠳᠤᠭᠠᠨ ᠬᠢᠭᠦ᠂ ᠪᠠᠶᠢᠯᠳᠤᠬᠤ ᠪᠤᠳᠤᠯᠭ᠎ᠠ ᠶᠢᠨ ᠪᠠᠭᠤᠯᠭᠠᠵᠤ ᠭᠦᠷᠭᠡᠭᠦ ᠪᠤᠯᠤᠨ ᠶᠡᠷᠦᠩᠬᠡᠶᠢᠯᠡᠨ ᠪᠠᠳᠤᠯᠠᠬᠤ ᠴᠢᠳᠠᠪᠦᠷᠢ ᠶᠢ   ᠪᠦᠭᠦ ᠲᠠᠯ᠎ᠡ ᠪᠠᠷ ᠲᠡᠭᠡᠭᠰᠢᠯᠡᠭᠦᠯᠵᠠᠢ᠃

ᠢᠷᠡᠯᠲᠡ᠄      ᠨᠠᠶᠢᠷᠠᠭᠤᠯᠤᠭᠴᠢ᠄