home
home

    ᠬᠡᠤᠬᠡᠳ ᠲᠤ ᠪᠤᠳᠠᠭᠠᠨ ᠰᠢᠷᠡᠭᠡᠨ ᠤ ᠶᠤᠰᠤ ᠮᠤᠷᠠᠯ ᠢ ᠥᠢᠯᠠᠭᠠᠭᠤᠯᠬᠤ ᠭᠡᠷᠡᠭᠳᠠᠢ

2016-08-29  19:34

ᠡᠩ ᠤᠨ ᠥᠶᠡᠰ ᠬᠤᠭᠤᠯᠠ ᠢᠳᠡᠭᠦ ᠳᠡᠭᠡᠨ᠂ ᠤᠯᠠᠩᠭᠢ ᠭᠡᠷ ᠤᠨ ᠠᠬᠠᠮᠠᠳ ᠶᠡᠷᠥᠨᠢ ᠬᠡᠤᠬᠡᠳ ᠲᠡᠭᠡᠨ ᠤᠷᠢᠳᠡᠪᠡᠷ ᠪᠤᠳᠠᠭ᠎ᠠ ᠠᠶᠠᠭᠠᠯᠠᠨ ᠥᠭᠳᠡᠭ᠂ ᠠᠬᠠᠰ ᠵᠠᠬᠠᠰ ᠤᠨ ᠶᠤᠰᠤ ᠵᠢᠷᠥᠮ᠂ ᠨᠠᠰᠤᠳᠠᠨ ᠢᠶᠠᠨ ᠬᠥᠨᠳᠤᠯᠠᠬᠦ ᠪᠤᠯ ᠬᠠᠮᠤᠬ ᠥᠨᠳᠥᠰᠥᠨ ᠬᠥᠮᠥᠵᠢᠯ ᠪᠤᠯᠪᠠᠰᠤᠷᠠᠯ ᠤᠨ ᠠᠰᠠᠭᠤᠳᠠᠯ ᠪᠤᠯᠤᠨ᠎ᠠ᠂ ᠨᠢᠯᠬ᠎ᠠ ᠪᠠᠭ᠎ᠠ ᠠᠴᠠ ᠨᠢ ᠡᠨᠡᠬᠦ ᠬᠥᠮᠥᠵᠢᠯ ᠢ ᠰᠠᠶᠢᠳᠤᠷ ᠬᠢᠬᠦ ᠭᠡᠷᠡᠭᠳᠠᠢ᠃ ᠡᠬᠦᠨ ᠠᠴᠠ ᠭᠠᠳᠠᠨ᠎ᠠ᠂ ᠬᠡᠤᠬᠡᠳ ᠬᠡᠳᠤᠢ ᠨᠢᠯᠬᠠᠰᠠᠬ ᠪᠠᠶᠢᠬᠰᠠᠨ ᠴᠤ ᠥᠯᠥᠰᠴᠤ ᠤᠮᠳᠠᠭᠠᠰᠬᠤ ᠪᠠᠨ ᠮᠡᠳᠡᠳᠡᠭ᠃ ᠡᠬᠦᠨ ᠳᠤ᠂ ᠲᠡᠳᠡᠨᠡᠷ ᠲᠤ ᠬᠡᠳᠤᠢ ᠢᠳᠡᠪᠡᠯ ᠲᠡᠳᠤᠢ ᠠᠶᠠᠭᠠᠯᠠᠵᠥ᠂ ᠢᠳᠡᠵᠥ ᠬᠥᠷᠬᠦ ᠥᠬᠡᠢ ᠪᠤᠯ ᠲᠠᠬᠢᠵᠥ ᠠᠶᠠᠭᠠᠯᠠᠬᠤ ᠠᠴᠠ ᠪᠢᠰᠢ ᠠᠶᠠᠭᠠᠨ ᠳᠠᠭᠠᠨ ᠪᠤᠳᠠᠭ᠎ᠠ ᠥᠯᠡᠳᠡᠭᠡᠵᠥ ᠪᠤᠯᠬᠤ ᠥᠬᠡᠢ ᠬᠡᠵᠥ ᠬᠡᠯᠡᠵᠥ ᠥᠭᠬᠦ ᠭᠡᠷᠡᠭᠳᠠᠢ᠃ ᠲᠠᠬᠢᠨ ᠬᠡᠤᠬᠡᠳ ᠢᠳᠡᠬᠦ ᠲᠤᠷᠠᠳᠠᠢ ᠨᠤᠭᠤᠭ᠎ᠠ ᠪᠠᠨ ᠬᠤᠭᠤᠰᠤᠷᠠᠳᠠᠯ᠎ᠠ ᠢᠳᠡᠬᠦ ᠶᠢ ᠴᠡᠭᠡᠷᠯᠡᠬᠦᠯᠵᠥ᠂ ᠪᠤᠰᠤᠳ ᠲᠠᠢ ᠬᠤᠪᠢᠶᠠᠯᠴᠠᠬᠤ ᠶᠢ ᠰᠤᠷᠭᠠᠬᠤ ᠭᠡᠷᠡᠭᠳᠠᠢ᠃

ᠲᠤᠮᠳᠠᠳᠤ ᠶᠢᠨ ᠨᠡᠶᠢᠭᠡᠮ ᠤᠨ ᠶᠡᠭᠡ ᠤᠷᠴᠢᠨ ᠳᠤ ᠠᠮᠢᠳᠤᠷᠠᠭ᠎ᠠ ᠬᠡᠤᠬᠡᠳ ᠡᠯ᠎ᠠ ᠵᠦᠢᠯ ᠤᠨ  ᠬᠤᠭᠤᠯᠠᠨ ᠰᠢᠷᠠᠭᠡᠨ ᠳᠤ ᠰᠠᠭᠠᠳᠠᠬᠤ ᠨᠢ ᠯᠠᠪᠳᠠᠢ᠂ ᠲᠡᠳᠡᠨᠡᠷ ᠤᠨ ᠬᠤᠭᠤᠯᠠᠨ ᠰᠢᠷᠡᠭᠡᠨ ᠲᠡᠭᠡᠷᠡᠬᠢ ᠬᠥᠮᠥᠵᠢᠯ ᠤᠨ ᠠᠰᠠᠭᠤᠳᠠᠯ ᠨᠢ ᠲᠠᠳᠠᠨᠠᠷ ᠤᠨ ᠬᠤᠵᠢᠮ ᠤᠨ ᠶᠠᠮᠠᠷ ᠬᠥᠮᠥᠰ ᠲᠠᠢ ᠨᠡᠶᠢᠵᠢᠯᠠᠬᠤ ᠶᠢ ᠨᠥᠯᠥᠭᠡᠯᠡᠵᠥ᠂ ᠴᠢᠨᠠᠬᠰᠢᠯᠠᠪᠠᠯ ᠲᠡᠳᠠᠨᠠᠷ ᠤᠨ ᠲᠠᠷᠤᠭ᠎ᠠ ᠨᠠᠷ ᠤᠨ ᠤᠪᠤᠷ ᠢ ᠴᠤ ᠨᠥᠯᠥᠭᠡᠯᠡᠵᠥ᠂ ᠲᠡᠬᠦᠨ ᠤ ᠲᠤᠰᠢᠶᠠᠯ ᠲᠠᠪᠰᠢᠬᠤ ᠶᠢ ᠨᠥᠯᠥᠭᠡᠯᠡᠳᠡᠭ ᠠᠴᠠ ᠬᠠᠮᠤᠬ ᠨᠠᠭᠠᠳᠤ ᠵᠠᠬ᠎ᠠ ᠶᠢᠨ ᠬᠤᠭᠤᠯᠠᠨ ᠰᠢᠷᠠᠭᠡᠨ ᠤ ᠶᠤᠰᠤ ᠵᠢᠷᠥᠮ ᠢ ᠠᠩᠵᠠᠭᠠᠷᠠᠵᠥ ᠪᠤᠯᠬᠤ ᠥᠬᠡᠢ ᠪᠠᠶᠢᠳᠠᠬ᠃

ᠢᠷᠡᠯᠲᠡ᠄      ᠨᠠᠶᠢᠷᠠᠭᠤᠯᠤᠭᠴᠢ᠄