home
home

    ᠬᠡᠷ ᠪᠦᠯᠢ ᠶᠢᠨ ᠰᠤᠷᠭᠠᠨ ᠬᠦᠮᠦᠵᠢᠯ ᠤᠨ ᠠᠭᠤᠯᠭ᠎ᠠ ᠶᠢᠨ ᠭᠤᠤᠯᠲᠠᠯᠭ᠎ᠠ

2016-08-29  19:36

1. ᠡᠷᠡᠬᠦᠯ ᠮᠡᠨᠲᠤ  ᠶᠢᠨ ᠰᠤᠷᠭᠠᠨ ᠬᠦᠮᠦᠵᠢᠯ ᠢ ᠲᠤᠶᠢᠯ  ᠢᠶᠠᠷ ᠬᠦᠨᠲᠤᠳᠬᠡᠵᠤ ᠦᠵᠡᠬᠦ ᠬᠡᠷᠡᠭᠲᠡᠢ᠃ ᠪᠠᠶ᠎ᠠ ᠮᠠᠬᠠᠪᠤᠳ ᠡᠷᠡᠬᠦᠯ ᠴᠢᠬᠢᠷᠠᠭ ᠪᠢᠰᠢ ᠪᠤᠯ ᠬᠡᠲᠤᠢ ᠡᠷᠲᠡᠮ ᠴᠢᠲᠠᠪᠤᠷᠢ ᠲᠠᠢ ᠪᠤᠯᠤᠯ᠎ᠠ ᠬᠡᠳ ᠢᠯᠵᠢᠷᠡᠭᠰᠡᠨ ᠲᠦᠮᠦᠰᠣ ᠠᠲᠠᠯᠢ᠃

2. ᠪᠡᠶ᠎ᠡ ᠲᠠᠭᠠᠭᠠᠵᠤ ᠠᠮᠢᠲᠤᠷᠠᠬᠤ ᠬᠦᠮᠦᠵᠢᠯ ᠢ ᠰᠠᠶᠢᠲᠤᠷ ᠬᠢᠬᠦ ᠬᠡᠷᠡᠭᠲᠡᠢ᠃ ᠶᠠᠭᠤᠮ᠎ᠠ ᠪᠤᠯᠭᠠᠨ ᠢ ᠬᠡᠦᠬᠡᠳ ᠤᠨ ᠡᠮᠤᠨ᠎ᠠ ᠨᠢ ᠪᠡᠯᠡᠳᠬᠡᠵᠤ ᠦᠭᠬᠦᠬᠡᠳ ᠪᠠᠶᠢᠪᠠᠯ ᠬᠡᠦᠬᠡᠳ ᠢᠶᠠᠨ ᠤᠲᠠᠭᠠᠨ ᠴᠢᠨᠠᠷᠲᠠᠢ ᠬᠤᠤᠷᠯᠠᠭᠰᠠᠨ ᠲᠠᠢ ᠠᠲᠠᠯᠢ ᠶᠤᠮ᠃

3. ᠶᠤᠰᠤ ᠮᠤᠷᠠᠯ ᠤᠨ ᠬᠦᠮᠦᠵᠢᠯ ᠢ ᠰᠠᠶᠢᠲᠤᠷ ᠬᠢᠬᠡᠷᠡᠢ᠃ ᠤᠷᠢᠲᠠᠪᠠᠷ ᠬᠦᠮᠦᠨ ᠪᠤᠯᠭᠠᠵᠤ᠂ ᠲᠠᠷᠠᠭ᠎ᠠ ᠨᠢ ᠡᠷᠲᠡᠮ ᠰᠤᠷᠭ᠎ᠠ᠂ ᠮᠠᠨ ᠤ ᠤᠲᠤ ᠶᠢᠨ ᠰᠤᠷᠭᠠᠨ ᠬᠦᠮᠦᠵᠢᠯ ᠶᠠᠭ ᠲᠤᠩᠭᠤᠷᠠᠬᠤ ᠪᠤᠯᠵᠠᠢ᠃ ᠲᠡᠶᠢᠮᠤ ᠠᠴᠠ ᠤᠲᠤ ᠶᠢᠨ ᠵᠠᠯᠠᠭᠤᠴᠤᠳ ᠨᠢᠬᠡ ᠪᠤᠯ ᠵᠠᠯᠬᠠᠭᠤ᠂ ᠡᠰᠡᠪᠠᠯ ᠨᠤᠮᠤᠢ ᠲᠤᠷᠤᠢ᠂ ᠵᠦᠷᠢᠬᠦᠳ᠂ ᠪᠤᠰᠤᠳ ᠢ ᠲᠦᠰᠢᠭᠯᠡᠲᠡᠭ᠂ ᠤᠮᠤᠷᠬᠠᠭ (ᠭᠠᠲᠠᠨ᠎ᠠ ᠪᠠᠨ ᠰᠦᠷᠯᠢᠭ᠂ ᠲᠤᠲᠤᠨ᠎ᠠ ᠪᠠᠨ ᠠᠶᠤᠮᠠᠲᠠᠭᠠᠢ) ᠶᠡᠬᠡᠷᠬᠦᠤ ᠪᠤᠯᠤᠭᠰᠠᠨ ᠪᠠᠶᠢᠨ᠎ᠠ᠃

4. ᠭᠤᠸ᠎ᠠ ᠰᠠᠶᠢᠬᠠᠨ ᠤ ᠬᠦᠮᠦᠵᠢᠯ ᠢ ᠰᠤᠷᠭ᠎ᠠ᠃ ᠬᠡᠦᠬᠡᠳ  ᠲᠤ ᠪᠤᠯᠬᠢ ᠮᠠᠭᠤᠬᠠᠢ ᠢ ᠮᠠᠲᠡᠬᠦᠯ᠂ ᠵᠢᠱᠢᠶᠠᠯᠠᠪᠠᠯ᠄ ᠡᠬᠦᠲᠠ ᠶᠢ ᠬᠦᠴᠦᠲᠡᠢ ᠬᠠᠭᠠᠪᠠᠯ ᠰᠠᠶᠢᠬᠠᠨ ᠤᠤ︖ ᠬᠦᠩᠬᠡᠨ ᠬᠠᠭᠠᠪᠠᠯ ᠰᠠᠶᠢᠬᠠᠨ ᠤᠤ︖ ᠬᠢᠲᠠᠳ ᠦᠨᠲᠡᠰᠦᠲᠡᠨ ᠰᠠᠶᠢᠬᠠᠨ ᠰᠤᠶᠤᠯ ᠮᠤᠷᠠᠯ ᠢᠶᠠᠨ ᠬᠡᠬᠡᠭᠰᠡᠬᠡᠷ ᠮᠦᠩᠬᠦᠨ ᠤ ᠪᠤᠭᠤᠯ ᠪᠤᠯᠪᠠ᠃ ᠮᠠᠨ ᠤ ᠮᠤᠩᠭᠤᠯᠴᠤᠳ ᠦᠨᠦᠲᠤᠷ ᠮᠦᠨ ᠬᠢᠲᠠᠳ ᠤᠨ ᠮᠦᠩᠬᠦᠨ ᠤ ᠪᠤᠭᠤᠯ  ᠤᠨ ᠬᠦᠮᠦᠵᠢᠯ ᠢᠶᠠᠷ ᠬᠡᠦᠬᠡᠳ  ᠢᠶᠠᠨ ᠬᠦᠮᠦᠵᠢᠬᠦᠯᠵᠤ ᠪᠤᠢ! ᠡᠨ᠋ᠨ ᠪᠤᠯ ᠰᠠᠶᠢᠨ ᠤᠴᠢᠷ ᠪᠢᠰᠢ! ᠶᠠᠭᠤ ᠰᠠᠶᠢᠬᠠᠨ ᠬᠡᠲᠡᠭ ᠢ ᠬᠡᠦᠬᠡᠳ ᠲᠡᠭᠡᠨ ᠮᠡᠲᠡᠬᠦᠯᠤᠨ᠎ᠠ ᠰᠢᠤ᠂ ᠵᠢᠱᠢᠶᠠᠯᠠᠪᠠᠯ᠂ ᠪᠠᠶᠢᠭᠠᠯᠢ ᠶᠢᠨ ᠰᠠᠶᠢᠬᠠᠨ ᠢ ᠮᠡᠲᠡᠬᠦᠯ᠂ ᠭᠠᠲᠠᠭᠠᠲᠤ ᠶᠢᠨ ᠬᠦᠮᠦᠰ ᠬᠡᠦᠬᠡᠳ ᠠᠴᠢᠷ ᠢᠶᠠᠨ ᠲᠠᠭᠠᠭᠤᠯᠵᠤ ᠶᠡᠬᠡᠪᠡᠷ ᠲᠤᠭᠤᠷᠢᠵᠤ ᠵᠤᠭᠠᠴᠠᠵᠤ ᠪᠠᠶᠢᠭ᠎ᠠ ᠨᠢ ᠶᠠᠭᠤᠮ᠎ᠠ ᠦᠵᠡᠵᠤ ᠰᠤᠷᠬᠤ ᠶᠢᠨ ᠲᠦᠯᠦᠬᠡ ᠶᠤᠮ᠂ ᠬᠠᠷᠢᠭᠰᠠᠨ ᠤ ᠲᠠᠷᠠᠭ᠎ᠠ ᠬᠡᠦᠬᠡᠳ ᠢᠶᠠᠷ  ᠢᠶᠠᠨ ᠶᠡᠭᠡ ᠤᠯᠠᠨ ᠲᠠᠰᠬᠠᠯ ᠬᠢᠯᠬᠡᠨ᠎ᠠ᠂ ᠲᠠᠨᠠᠷ ᠢᠩᠬᠢᠵᠤ ᠬᠢᠲᠡᠭ ᠤᠤ︖

5. ᠬᠡᠦᠬᠡᠳ ᠤᠨ ᠤᠢ ᠪᠢᠯᠢᠭ ᠤᠨ ᠬᠦᠭᠵᠢᠯᠲᠠ ᠶᠢ ᠠᠩᠬᠠᠷ ᠪᠠᠷᠠᠭᠤᠨ ᠲᠠᠷᠢᠬᠢᠨ ᠤ ᠬᠦᠭᠵᠢᠯᠲᠠ ᠶᠢ ᠢᠯᠡᠬᠦᠤ ᠠᠩᠬᠠᠷᠴᠤ ᠬᠦᠭᠵᠢᠬᠦᠯ᠂ ᠨᠢᠬᠡ ᠬᠡᠦᠬᠡᠳ ᠤᠨ ᠦᠰᠦᠨ ᠪᠤᠶᠢᠵᠢᠯᠲᠠ ᠳᠤ ᠬᠤᠶᠠᠷ ᠵᠤᠶᠢᠯ ᠢ ᠲᠦᠰᠢᠭᠯᠡᠲᠡᠭ᠂ ᠨᠢᠬᠡ ᠨᠢ ᠤᠢ ᠪᠢᠯᠢᠭ ᠤᠨ ᠬᠦᠴᠦᠨ ᠳᠤ ᠲᠦᠰᠢᠭᠯᠡᠳᠡᠭ᠂ ᠨᠦᠬᠦᠬᠡ ᠨᠢ ᠤᠢ ᠪᠢᠯᠢᠭ ᠤᠨ ᠪᠤᠰᠤ ᠬᠦᠴᠦᠨ ᠵᠤᠶᠢᠯ  ᠳᠤ ᠲᠦᠰᠢᠭᠯᠡᠳᠡᠭ᠂ ᠡᠷᠲᠡᠮᠲᠡᠨ ᠤ ᠰᠤᠲᠤᠯᠤᠭᠰᠠᠨ ᠪᠠᠷ ᠬᠦᠮᠦᠨ ᠤ ᠦᠰᠤᠨ ᠪᠤᠶᠢᠵᠢᠯᠲᠠ  ᠳᠤ ᠤᠢ ᠪᠢᠯᠢᠭ  ᠤᠨ ᠬᠦᠴᠦᠨ ᠨᠢ ᠵᠠᠭᠤᠨ ᠤ ᠬᠤᠷᠢ ᠶᠢ ᠡᠵᠡᠯᠡᠵᠤ᠂ ᠤᠢ ᠪᠢᠯᠢᠭ ᠤᠨ ᠪᠤᠰᠤ ᠬᠦᠴᠦᠨ ᠵᠤᠶᠢᠯ ᠨᠢ ᠵᠠᠭᠤᠨ ᠤ ᠵᠢᠷᠨ ᠶᠢ ᠡᠵᠡᠯᠡᠵᠤ᠂ ᠠᠵᠠ ᠲᠤᠬᠢᠶᠡᠯ ᠵᠠᠭᠤᠨ ᠤ ᠬᠤᠷᠢ ᠶᠢ ᠡᠵᠡᠯᠡᠳᠡᠭ ᠪᠠᠶᠢᠨ᠎ᠠ᠃

ᠢᠷᠡᠯᠲᠡ᠄      ᠨᠠᠶᠢᠷᠠᠭᠤᠯᠤᠭᠴᠢ᠄