home
home

    ᠠᠬᠠᠮᠠᠳ ᠢᠶᠠᠨ ᠬᠦᠨᠳᠦᠯᠡᠬᠦ ᠶᠤᠰᠤ

2016-08-29  19:40

ᠠᠬᠠᠮᠠᠳ ᠨᠠᠰᠤᠲᠠᠨ ᠡᠪᠦᠭᠡ ᠳᠡᠭᠡᠳᠦᠰ ᠢ ᠬᠦᠨᠳᠦᠯᠡᠬᠦ ᠮᠣᠩᠭᠤᠯ ᠤᠨ ᠶᠤᠰᠤ ᠦᠶ᠎ᠡ ᠠᠴᠠ ᠦᠶ᠎ᠡ ᠳᠤ ᠣᠯᠠᠮᠵᠢᠯᠠᠭᠳᠠᠨ ᠲᠦᠯᠦᠪᠰᠢᠭᠰᠡᠨ ᠨᠠᠨᠳᠢᠨ ᠰᠠᠶᠢᠬᠠᠨ ᠰᠣᠶᠣᠯ ᠶᠤᠮ᠃ ᠬᠡᠣᠬᠡᠳ ᠵᠠᠯᠠᠭᠤᠰ ᠢ ᠰᠤᠷᠭᠠᠨ ᠬᠦᠮᠦᠵᠢᠭᠦᠯᠳᠡᠭ ᠣᠯᠠᠮᠵᠢᠯᠠᠯ ᠤᠨ ᠲᠤᠳᠤᠷ᠎ᠠ ᠠᠬᠠᠮᠠᠳ ᠢ ᠬᠦᠨᠳᠦᠯᠡᠨ᠂ ᠲᠡᠳᠡᠨ ᠤ ᠳᠠᠭᠤᠷᠢᠶᠠᠯ ᠢᠶᠠᠷ ᠨᠢ ᠬᠦᠮᠦᠵᠢᠭᠦᠯᠬᠦ ᠶᠤᠰᠤ ᠭᠤᠣᠯ ᠪᠠᠶᠢᠷᠢ ᠶᠢ ᠡᠵᠡᠯᠡᠨ᠎ᠡ᠃ ᠦᠭᠡᠷ᠎ᠡ ᠪᠠᠷ ᠬᠡᠯᠡᠪᠡᠯ ᠠᠷᠠᠳ ᠤᠨ ᠰᠤᠷᠭᠠᠨ ᠬᠦᠮᠦᠵᠢᠭᠦᠯᠬᠦ ᠵᠦᠢ ᠶᠢᠨ ᠨᠢᠭᠡ ᠭᠤᠣᠯ ᠵᠡᠷᠴᠢᠮ ᠪᠤᠯ ᠬᠡᠣᠬᠡᠳ ᠵᠠᠯᠠᠭᠤᠴᠤᠳ ᠢ ᠠᠬᠠᠮᠠᠳ ᠦᠶ᠎ᠡ ᠪᠠᠨ ᠬᠦᠨᠳᠦᠳᠭᠡᠨ᠂ ᠦᠭᠡ ᠰᠣᠷᠭᠠᠯ ᠢ ᠰᠦᠰᠦᠭᠯᠡᠨ ᠳᠠᠭᠠᠬᠤ ᠳᠤ ᠠᠩᠬᠠᠷᠳᠠᠭ ᠲᠤ ᠣᠷᠣᠰᠢᠨ᠎ᠠ᠃ ᠠᠬᠠᠮᠠᠳ ᠦᠶ᠎ᠡ ᠪᠤᠯ ᠠᠮᠢᠳᠣᠷᠠᠯ ᠤᠨ ᠲᠤᠷᠰᠢᠯᠭ᠎ᠠ᠂ ᠲᠠᠨᠢᠵᠣ ᠮᠡᠳᠡᠭᠰᠡᠨ ᠵᠦᠢᠯ ᠢᠶᠠᠷ ᠢᠯᠡᠭᠦᠦ ᠪᠠᠶᠢᠳᠠᠭ᠃ ᠶᠡᠷᠦ ᠨᠢ ᠬᠦᠮᠦᠵᠢᠯ ᠤᠨ ᠨᠢᠭᠡ ᠭᠤᠣᠯ ᠵᠣᠷᠢᠯᠭ᠎ᠠ ᠪᠤᠯ ᠡᠮᠦᠨᠡᠬᠢ ᠦᠶ᠎ᠡ ᠶᠢᠨ ᠢᠶᠠᠨ ᠬᠤᠷᠠᠮᠳᠤᠭᠤᠯᠤᠭᠰᠠᠨ ᠮᠡᠳᠡᠯᠭᠡ ᠶᠢᠨ ᠰᠠᠩ᠂ ᠠᠮᠢᠳᠣᠷᠠᠯ ᠤᠨ ᠲᠤᠷᠰᠢᠯᠭ᠎ᠠ᠂ ᠵᠠᠩ ᠵᠠᠩᠰᠢᠯ᠂ ᠶᠤᠰᠤ ᠰᠤᠷᠳᠠᠬᠤᠨ ᠤ ᠰᠢᠯᠢᠳᠡᠭ ᠵᠦᠢᠯᠡᠰ ᠢ ᠬᠡᠣᠬᠡᠳ ᠵᠠᠯᠠᠭᠤᠴᠤᠳ ᠦᠪᠯᠡᠨ ᠠᠪᠬᠤ ᠳᠤ ᠴᠢᠭᠯᠡᠭᠦᠯᠳᠡᠭ ᠲᠠᠢ ᠣᠶᠠᠯᠳᠣᠨ ᠡᠶᠢᠮᠦ ᠵᠡᠷᠴᠢᠮ ᠪᠤᠢ  ᠪᠣᠯᠵᠠᠢ᠃

ᠡᠶᠢᠮᠣ ᠳᠤ ᠬᠡᠣᠬᠡᠳ ᠵᠠᠯᠠᠭᠤᠰ ᠲᠤ 《ᠬᠦᠮᠦᠨ ᠠᠬ᠎ᠠ ᠲᠠᠢ᠂ ᠳᠡᠪᠡᠯ ᠵᠠᠬ᠎ᠠ ᠲᠠᠢ》 ᠋ ᠭᠡᠳᠡᠭ ᠢ ᠣᠶᠢᠯᠠᠭᠠᠭᠤᠯᠣᠨ 《ᠨᠠᠰᠤᠲᠠᠨ ᠣᠯᠠᠨ ᠲᠠᠢ ᠭᠠᠵᠠᠷ ᠨᠠᠷᠠᠨ ᠤ ᠲᠤᠶᠠᠭ᠎ᠠ ᠳᠤᠰᠤᠨ᠎ᠠ》 ᠋ ᠭᠡᠵᠦ ᠢᠳᠡᠭᠡᠭᠦᠯᠵᠦ 《ᠠᠬᠠᠮᠠᠳ ᠤᠨ ᠰᠣᠷᠭᠠᠯ ᠠᠯᠳᠠ᠂ ᠪᠣᠭᠤᠷᠣᠯ ᠤᠨ ᠦᠭᠡ ᠪᠤᠶᠠᠨ》 ᠋ ᠪᠠᠶᠢᠳᠠᠭ ᠣᠴᠢᠷ 《ᠪᠤᠯᠤᠭᠰᠠᠨ ᠠᠴᠠ ᠠᠮᠠ ᠬᠦᠷ᠂ ᠪᠣᠭᠤᠷᠣᠯ ᠠᠴᠠ ᠦᠭᠡ ᠰᠤᠨᠣᠰ》 ᠋ ᠭᠡᠵᠦ ᠰᠤᠷᠭᠠᠨ 《ᠠᠬ᠎ᠠ  ᠨᠢ ᠬᠡᠯᠡᠵᠦ ᠲᠡᠭᠦᠦ ᠨᠢ ᠰᠤᠨᠣᠰᠳᠠᠭ》 ᠋ ᠭᠡᠰᠡᠨ ᠵᠠᠷᠴᠢᠮ ᠢ ᠠᠮᠢᠳᠣᠷᠠᠯ ᠤᠨ ᠪᠢᠴᠢᠭᠳᠡᠭᠡ ᠦᠭᠡᠢ ᠬᠠᠤᠯᠢ ᠪᠣᠯᠭᠠᠨ ᠪᠠᠷᠢᠮᠲᠠᠯᠠᠵᠣ ᠢᠷᠡᠭᠰᠡᠨ ᠪᠢᠯᠡ᠃ ᠮᠠᠨ ᠤ ᠠᠷᠠᠳ ᠲᠦᠮᠡᠨ ᠡᠶᠢᠨᠬᠦ ᠰᠤᠷᠭᠠᠨ  ᠬᠦᠮᠦᠵᠢᠭᠦᠯᠬᠦ ᠵᠠᠷᠴᠢᠮ ᠢᠶᠠᠨ ᠣᠨᠣᠪᠴᠢᠲᠠᠢ ᠴᠦᠬᠡᠨ ᠦᠭᠡᠨ ᠳᠤ ᠭᠦᠨ ᠣᠳᠬ᠎ᠠ ᠰᠢᠩᠭᠡᠭᠡᠨ᠂ ᠵᠦᠢᠷ ᠰᠡᠴᠡᠨ ᠦᠭᠡ ᠶᠢᠨ ᠬᠡᠯᠪᠡᠷᠢ ᠪᠠᠷ ᠬᠦᠮᠦᠨ ᠪᠦᠬᠦᠨ ᠤ ᠣᠢ ᠲᠣᠶᠢᠨ ᠳᠤ ᠣᠷᠣᠳᠠᠯ᠎ᠠ ᠣᠬᠠᠮᠰᠠᠷᠯᠠᠭᠤᠯᠣᠨ ᠴᠡᠭᠡᠵᠢᠯᠡᠭᠦᠯᠵᠦ ᠪᠠᠶᠢᠵᠠᠢ᠃

ᠠᠬᠠᠮᠠᠳ ᠢ ᠬᠦᠨᠳᠦᠯᠡᠬᠦ ᠵᠡᠷᠴᠢᠮ ᠨᠢ ᠨᠢᠭᠡ ᠳᠤ᠄ ᠨᠠᠰᠣ ᠪᠠᠷ ᠠᠬᠠᠮᠠᠳ ᠤᠨ ᠬᠢ ᠨᠢ ᠬᠤᠪᠢ ᠳᠤ᠂ ᠬᠤᠶᠠᠷ ᠲᠤ ᠄ ᠠᠮᠢᠳᠣᠷᠠᠯ ᠤᠨ ᠮᠡᠳᠡᠯᠭᠡ ᠲᠤᠷᠰᠢᠯᠭ᠎ᠠ ᠪᠠᠷ ᠢᠯᠡᠭᠦᠦ ᠪᠠᠶᠢᠳᠠᠭ ᠤᠨ ᠬᠢ ᠨᠢ ᠣᠴᠢᠷ ᠣᠨᠴᠠᠯᠠᠭᠰᠠᠨ ᠪᠤᠯᠬᠤ ᠠᠴᠠ  ᠳᠡᠭᠦᠦ ᠪᠠᠨ ᠪᠣᠣ ᠬᠦᠨᠳᠦᠯᠡ ᠭᠡᠰᠡᠨ ᠦᠭᠡ ᠪᠢᠰᠢ ᠶᠤᠮ᠃ 《ᠠᠬᠠᠮᠠᠳ ᠢᠶᠠᠨ ᠠᠯᠳᠠ ᠬᠦᠨᠳᠦᠯᠡ᠂ ᠳᠡᠭᠦᠦ ᠪᠠᠨ ᠳᠡᠯᠢᠮ ᠬᠦᠨᠳᠦᠯᠡ》 ᠋ ᠭᠡᠰᠡᠨ ᠦᠬᠡᠨ ᠠᠴᠠ ᠡᠨᠡ ᠨᠢ ᠲᠤᠳᠤᠷᠬᠠᠢ ᠬᠠᠷᠠᠭᠳᠠᠵᠤ ᠪᠠᠶᠢᠨ᠎ᠠ᠃ ᠶᠡᠷᠦ ᠨᠢ ᠠᠷᠠᠳ ᠤᠨ ᠣᠯᠠᠮᠵᠢᠯᠠᠯᠲᠣ ᠶᠣᠰᠣ ᠪᠠᠷ ᠪᠤᠯ ᠬᠦᠮᠦᠨ ᠪᠦᠷᠢ ᠳᠤ ᠡᠭᠦᠷᠭᠡ ᠶᠢ ᠨᠢ ᠡᠬᠢᠯᠡᠵᠦ ᠣᠬᠠᠮᠰᠠᠷᠯᠠᠭᠤᠯᠣᠭᠠᠳ ᠲᠠᠷᠠᠭ᠎ᠠ ᠨᠢ ᠡᠷᠬᠡ ᠶᠢ ᠮᠡᠳᠡᠭᠦᠯᠳᠡᠭ ᠪᠠᠶᠢᠵᠠᠢ᠃ ᠦᠭᠡᠷ᠎ᠡ ᠪᠠᠷ ᠬᠡᠯᠡᠪᠡᠯ ᠠᠬᠠᠮᠠᠳ ᠦᠶ᠎ᠡ ᠶᠢᠨ ᠬᠢᠨ ᠳᠤ ᠨᠢ ᠪᠠᠭ᠎ᠠ ᠪᠠᠯᠴᠢᠷ ᠦᠶ᠎ᠡ ᠪᠠᠨ ᠠᠰᠠᠷᠠᠨ ᠬᠦᠮᠦᠵᠢᠭᠦᠯᠬᠦ ᠡᠭᠦᠷᠭᠡ ᠶᠢ ᠨᠢ᠂ ᠬᠡᠣᠬᠡᠳ ᠵᠠᠯᠠᠭᠤᠰ ᠲᠤ ᠪᠤᠯ ᠠᠬᠠᠮᠠᠳ ᠦᠶ᠎ᠡ ᠪᠠᠨ ᠬᠦᠨᠳᠦᠯᠡᠨ ᠲᠤᠰᠠᠯᠠᠬᠤ ᠡᠭᠦᠷᠭᠡ ᠶᠢ ᠨᠢ ᠶᠠᠭᠤᠨ ᠤ ᠡᠮᠦᠨ᠎ᠡ ᠣᠶᠢᠯᠠᠭᠠᠭᠤᠯᠳᠠᠭ ᠪᠠᠶᠢᠪᠠ᠃ ᠮᠦᠨ ᠬᠦᠮᠦᠨ ᠪᠦᠷᠢ ᠡᠭᠦᠷᠭᠡ ᠪᠠᠨ ᠣᠷᠢᠲᠠᠯ ᠪᠣᠯᠭᠠᠨ ᠪᠡᠶᠡᠯᠡᠭᠦᠯᠳᠡᠭ ᠨᠢ ᠨᠥᠭᠦᠭᠡ ᠶᠢᠨ ᠬᠢ ᠪᠠᠨ ᠡᠷᠬᠡ ᠶᠢ ᠬᠦᠨᠳᠦᠳᠭᠡᠭᠰᠡᠨ ᠬᠡᠷᠡᠭ ᠶᠤᠮ᠃ ᠭᠡᠳᠡᠯ᠎ᠡ ᠡᠳᠦᠭᠡ ᠦᠶ᠎ᠡ ᠳᠤ ᠵᠠᠷᠢᠮ ᠬᠡᠣᠬᠡᠳ᠂ ᠵᠠᠯᠠᠭᠤᠰ ᠲᠡᠶᠢᠮᠦ ᠡᠷᠬᠡ ᠲᠠᠢ ᠭᠡᠳᠡᠭ ᠢᠶᠠᠨ ᠯᠠ ᠣᠷᠢᠲᠠᠯ ᠪᠣᠯᠭᠠᠭᠰᠠᠨ ᠠᠴᠠ ᠪᠤᠰᠤ᠂ ᠡᠭᠦᠷᠭᠡ ᠪᠠᠨ ᠣᠭᠲᠤᠬᠠᠨ ᠴᠦ ᠤᠬᠠᠮᠰᠠᠷᠯᠠᠳᠠᠭ ᠦᠭᠡᠢ ᠨᠢ ᠵᠣᠬᠢᠰ ᠦᠭᠡᠢ ᠶᠤᠮ᠃

ᠢᠷᠡᠯᠲᠡ᠄      ᠨᠠᠶᠢᠷᠠᠭᠤᠯᠤᠭᠴᠢ᠄