home
home

    ᠭᠡᠤᠭᠡᠳ  ᠢᠶᠠᠨ ᠶᠭᠠᠬᠢᠵᠤ ᠰᠤᠷᠭᠠᠵᠤ ᠬᠦᠮᠦᠵᠢᠭᠦᠯᠪᠡᠯ ᠵᠤᠬᠢᠯᠳᠠᠢ ᠪᠢᠯᠡ︖

2016-08-29  19:49

ᠤᠳᠤ ᠶᠢᠨ ᠭᠡᠰᠡᠭ ᠲᠤᠭᠠᠨ ᠤ ᠭᠡᠦᠭᠡᠳ ᠢ ᠠᠪᠤ ᠡᠵᠢ ᠨᠢ ᠲᠡᠮᠡᠢ ᠭᠡᠯᠡᠵᠦ ᠱᠠᠭᠠᠷᠳᠠᠬᠤ ᠦᠭᠡᠢ᠂ ᠪᠠᠭᠰᠢ ᠨᠢ ᠭᠡᠯᠡᠵᠦ ᠰᠠᠨᠠᠭᠤᠯᠵᠤ ᠪᠤᠯᠬᠤ ᠦᠭᠡᠢ᠂ ᠡᠨᠡ ᠨᠢ ᠦᠷᠬᠦᠯᠵᠢᠯᠡᠭᠰᠡᠭᠡᠷ ᠪᠠᠶᠢᠵᠤ ᠭᠡᠦᠭᠡᠳ ᠤᠨ ᠨᠠᠰᠤ ᠨᠡᠮᠡᠭᠳᠡᠬᠦ ᠶᠢ ᠲᠠᠭᠠᠯᠳᠤᠨ ᠵᠤᠷᠢᠭ ᠨᠢ ᠤᠯᠠᠮ ᠪᠦᠳᠦᠭᠦᠷᠡᠵᠦ ᠪᠠᠭᠰᠢ ᠲᠠᠢ ᠪᠠᠨ ᠵᠦᠷᠢᠬᠦ᠂ ᠨᠡᠩ ᠴᠢᠨᠠᠭᠰᠢᠯᠠᠭᠠᠳ ᠪᠠᠭᠰᠢ ᠲᠠᠢ ᠪᠠᠨ ᠥᠰ ᠪᠤᠳᠤᠬᠤ ᠭᠡᠮᠵᠢᠶᠡᠨ ᠳᠤ ᠬᠦᠷᠴᠦ ᠪᠠᠶᠢᠨ᠎ᠠ᠃

ᠬᠡᠪ ᠴᠢᠨᠡᠷ ᠤᠨ ᠰᠤᠷᠭᠠᠨ ᠬᠦᠮᠦᠵᠢᠯ ᠭᠡᠷᠡᠭᠵᠢᠭᠦᠯᠵᠦ ᠪᠠᠶᠢᠨ᠎ᠠ ᠭᠡᠳ ᠵᠠᠷᠢᠮ ᠪᠠᠭᠰᠢ ᠰᠤᠷᠤᠭᠴᠢ ᠪᠠᠨ ᠭᠡᠯᠡᠵᠦ ᠱᠠᠭᠠᠷᠳᠠᠬᠤ ᠦᠭᠡᠢ᠂ ᠬᠢᠴᠢᠶᠡᠯ ᠤᠨ ᠴᠠᠭ ᠲᠤ ᠲᠠᠯᠪᠢᠭᠰᠠᠨ ᠠᠰᠠᠭᠤᠯᠳᠠ ᠶᠢ ᠨᠢ ᠪᠤᠷᠤᠭᠤ ᠬᠠᠷᠢᠭᠤᠯᠴᠢᠬᠠᠭᠰᠠᠨ ᠪᠠᠶᠢᠳᠠᠯ᠎ᠠ ᠪᠠᠨ ᠪᠤᠷᠤᠭᠤ ᠶᠢ ᠨᠢ ᠰᠢᠭᠤᠳ ᠵᠢᠭᠠᠵᠤ ᠭᠠᠷᠭᠠᠵᠤ ᠦᠭᠬᠦ ᠦᠭᠡᠢ᠂ 《ᠢᠡᠭᠬᠢᠭᠰᠡᠨ ᠪᠤᠯ᠂ ᠲᠡᠭᠡᠭᠰᠡᠨ ᠪᠤᠯ ᠁》 ᠋ ᠭᠡᠳ ᠦᠡᠭᠭᠡᠷᠡᠴᠢᠭᠡᠳᠡᠭ᠃ ᠡᠨᠡ ᠪᠤᠯ ᠭᠡᠷᠡᠭ ᠲᠡᠭᠡᠷ᠎ᠡ ᠪᠠᠨ ᠬᠢᠴᠢᠶᠡᠯ ᠤᠨ ᠴᠠᠭ ᠤᠨ ᠵᠢᠭᠠᠨ ᠰᠤᠷᠭᠠᠯᠳᠠ ᠶᠢᠨ ᠶᠤᠰᠤ ᠵᠢᠷᠤᠮ ᠢ ᠡᠪᠳᠡᠵᠦ ᠪᠠᠶᠢᠭ᠎ᠠ ᠶᠠᠪᠤᠳᠠᠯ ᠮᠦᠨ᠂ ᠪᠠᠭᠰᠢ ᠪᠤᠯᠤᠭᠰᠠᠳ ᠰᠤᠷᠤᠭᠴᠢ ᠶᠢᠨ ᠬᠠᠷᠢᠭᠤᠯᠳᠠ ᠳᠤ ᠡᠷᠭᠡᠪᠰᠢ ᠲᠤᠳᠤᠷᠬᠠᠢ ᠦᠨᠡᠯᠡᠯᠳᠡ ᠦᠭᠬᠦ ᠭᠡᠷᠡᠭᠳᠡᠢ᠃

ᠬᠡᠪ ᠪᠤᠯᠪᠠᠰᠤᠷᠠᠯ ᠢᠶᠠᠷ ᠲᠤᠤᠷ᠎ᠠ ᠰᠢᠬ ᠵᠠᠷᠢᠮ ᠭᠡᠷ ᠤᠨ ᠠᠬᠠᠮᠠᠳ ᠭᠡᠦᠭᠡᠳ ᠢᠶᠠᠨ ᠦᠮᠦᠭᠯᠡᠳᠡᠭ ᠮᠠᠭᠤ ᠵᠠᠩ ᠲᠠᠢ᠂ ᠶᠠᠭᠤᠨᠠᠢ 《 ᠮᠢᠨᠤ ᠭᠡᠦᠭᠡᠳ ᠪᠠᠭ᠎ᠠ ᠰᠤᠷᠭᠠᠭᠤᠯᠢ ᠳᠤ ᠪᠠᠶᠢᠬᠤ ᠳᠤ ᠶᠠᠮᠠᠷ ᠶᠠᠮᠠᠷ ᠰᠠᠶᠢᠨ ᠪᠠᠶᠢᠭᠰᠠᠨ》 ᠋ ᠭᠡᠵᠦ ᠶᠠᠷᠢᠳᠠᠭ᠃ ᠭᠡᠦᠭᠡᠳ ᠨᠢ ᠲᠤᠮᠳᠠᠳᠦ ᠰᠤᠷᠭᠠᠭᠤᠯᠢ ᠳᠤ ᠲᠡᠪᠰᠢᠭᠰᠡᠨ ᠤ ᠲᠠᠷᠠᠭ᠎ᠠ ᠠᠯᠢ ᠨᠢᠭᠡ ᠪᠠᠭᠰᠢ ᠨᠢ ᠮᠠᠭᠤ ᠶᠢ ᠵᠢᠭᠠᠭᠠᠳ ᠪᠤᠷᠤᠭᠤ ᠵᠠᠮ ᠢᠶᠠᠷ ᠬᠦᠳᠦᠯᠴᠢᠭᠡᠭᠰᠡᠨ ᠪᠤᠢ︖ ᠲᠡᠶᠢᠮᠦ ᠪᠠᠭᠰᠢ ᠠᠷᠠᠢ ᠦᠭᠡᠢ ᠪᠠᠶᠢᠬ᠎ᠠ᠂ ᠤᠴᠢᠷ ᠪᠤᠯᠤᠭᠰᠠᠭᠠᠷ ᠯᠡ ᠪᠠᠭᠰᠢ ᠶᠢᠨ ᠮᠠᠭᠤ᠂ ᠰᠤᠷᠭᠠᠭᠤᠯᠢ ᠶᠢᠨ ᠲᠠᠭᠠᠡᠷᠠᠬᠤ ᠦᠭᠡᠢ ᠭᠡᠵᠦ ᠭᠡᠦᠭᠡᠳ ᠤᠨ ᠢᠶᠠᠨ ᠲᠠᠯ᠎ᠠ ᠳᠤ ᠵᠤᠭᠰᠤᠵᠤ᠂ ᠶᠤᠰᠤ ᠪᠤᠰᠤ ᠪᠠᠷ ᠠᠭᠠᠰᠢᠯᠠᠳᠠᠬ ᠢ ᠲᠡᠪᠴᠢᠬᠦᠰᠢᠲᠡᠢ᠂ ᠲᠡᠷᠡ ᠨᠢ᠂ ᠭᠡᠦᠭᠡᠳ ᠤᠨ ᠦᠰᠦᠯᠳᠡ ᠪᠤᠶᠢᠵᠢᠯᠳᠠ ᠳᠤ ᠦᠴᠦᠭᠡᠨ ᠲᠡᠳᠦᠢ ᠠᠰᠢᠬ ᠦᠭᠡᠢ ᠶᠤᠮ᠃

ᠰᠤᠷᠤᠭᠴᠢ ᠶᠠᠯ᠎ᠠ ᠬᠢᠬᠦ ᠭᠡᠮᠵᠢᠶ᠎ᠡ ᠳᠤ ᠬᠦᠷᠳᠡᠭ ᠨᠢ ᠭᠡᠨᠡᠳᠳᠡ ᠶᠢᠨ ᠤᠴᠢᠷ ᠪᠢᠰᠢ ᠶᠤᠮ ᠡ᠃ ᠭᠡᠷ ᠪᠦᠯᠢ᠂ ᠰᠤᠷᠭᠠᠭᠤᠯᠢ ᠪᠠ ᠨᠡᠶᠢᠭᠡᠮ ᠠᠯᠢ ᠨᠢ ᠬᠠᠷᠢᠭᠤᠴᠠᠯᠭ᠎ᠠ ᠦᠭᠡᠢ ᠪᠤᠢ︖ ᠰᠤᠷᠭᠠᠨ ᠬᠦᠮᠦᠵᠢᠯ ᠤᠨ ᠶᠠᠮᠤᠨ ᠤ ᠰᠠᠭᠤᠷᠢ ᠰᠤᠷᠭᠠᠨ ᠬᠦᠮᠦᠵᠢᠯ ᠤᠨ ᠵᠤᠷᠭᠠᠨ ᠤ ᠨᠢᠭᠡ ᠬᠠᠷᠢᠭᠤᠴᠠᠯᠭᠠᠳᠠᠨ ᠤ ᠭᠡᠯᠡᠭᠰᠡᠨ ᠢᠶᠠᠷ 《ᠵᠠᠯᠬᠠᠭᠠᠵᠤ ᠰᠤᠷᠭᠠᠬᠤ ᠦᠭᠡᠢ ᠰᠤᠷᠭᠠᠨ ᠬᠦᠮᠦᠵᠢᠯ ᠪᠤᠯ ᠪᠦᠷᠢᠨ ᠪᠤᠰᠤ ᠰᠤᠷᠭᠠᠨ ᠬᠦᠮᠦᠵᠢᠯ》 ᠋ ᠭᠡᠳᠡᠭ ᠢᠶᠠᠷ ᠠᠪᠤ ᠡᠵᠢ ᠨᠢ ᠭᠡᠯᠡᠵᠦ ᠱᠠᠭᠠᠷᠳᠠᠬᠤ ᠦᠭᠡᠢ᠂ ᠪᠠᠭᠰᠢ ᠨᠢ ᠵᠠᠯᠬᠠᠭᠠᠵᠤ ᠰᠤᠷᠭᠠᠬᠤ ᠦᠭᠡᠢ᠂ ᠤᠳᠤ ᠲᠡᠭᠡᠭᠡᠳ ᠭᠡᠨ ᠶᠠᠭᠠᠬᠢᠵᠤ ᠰᠤᠷᠭᠠᠵᠤ ᠬᠦᠮᠦᠵᠢᠭᠦᠯᠳᠡᠭ ᠪᠢᠯᠡ︖

ᠢᠷᠡᠯᠲᠡ᠄      ᠨᠠᠶᠢᠷᠠᠭᠤᠯᠤᠭᠴᠢ᠄