home
home

    ᠠᠮᠧᠷᠢᠺᠠ ᠶᠢᠨ ᠡᠴᠢᠭᠡ ᠡᠬᠡ ᠶᠢᠨ ᠬᠡᠦᠭᠡᠳ ᠢᠶᠠᠨ ᠮᠠᠭᠲᠠᠬᠤ ᠬᠦᠮᠦᠵᠢᠯ

2016-08-29  19:52

ᠠᠮᠧᠷᠢᠺᠠ ᠶᠢᠨ ᠡᠴᠢᠭᠡ ᠡᠬᠡ ᠪᠣᠯᠤᠭᠰᠠᠳ ᠬᠡᠥᠬᠡᠳ ᠢᠶᠠᠨ ᠮᠠᠭᠲᠠᠨ ᠰᠠᠶᠢᠰᠢᠶᠠᠬᠤ ᠶᠢ ᠮᠡᠰᠢ ᠠᠩᠬᠠᠷᠤᠨ ᠴᠢᠬᠤᠯᠠᠴᠢᠯᠠᠳᠠᠭ᠂  ᠡᠨᠡ ᠨᠢ ᠨᠢᠭᠡᠨᠲᠡ ᠠᠮᠧᠷᠢᠺᠠ ᠶᠢᠨ ᠪᠦᠭᠦ᠋ᠢᠯᠡ ᠨᠡᠶᠢᠭᠡᠮ ᠤᠨ ᠨᠢᠭᠡ ᠰᠤᠷᠳᠠᠯ ᠪᠣᠯᠤᠭᠰᠠᠨ ᠪᠠᠶᠢᠨ᠎ᠠ᠃

ᠬᠤᠭᠤᠯᠠᠨ ᠭᠡᠷ ᠲᠤ ᠬᠤᠭᠤᠯᠠᠯᠠᠬᠤ ᠳᠠᠭᠠᠨ 5 ᠨᠠᠰᠤᠲᠡᠢ ᠮᠠᠶᠢᠺᠧ ᠦᠪᠡᠷ ᠤᠨ ᠫᠢᠯᠠ ᠳᠠᠬᠢ ᠢᠳᠡᠭᠡᠨ ᠢᠶᠠᠨ ᠦᠯᠡᠳᠡᠭᠡᠯ ᠦᠭᠡᠢ ᠴᠡᠪᠡᠷᠯᠡᠨ ᠢᠳᠡᠭᠰᠡᠨ ᠳᠤ ᠮᠡᠶᠢᠺᠧ ᠤᠨ ᠡᠴᠢᠭᠡ ᠡᠬᠡ ᠨᠢ ᠮᠠᠰᠢ ᠪᠠᠶᠠᠷᠯᠠᠩᠭᠤᠢ ᠪᠠᠷ᠄ 《ᠬᠦᠦ ᠮᠢᠨᠢ᠂ ᠴᠢ ᠦᠨᠦᠳᠦᠷ ᠦᠨᠡᠬᠡᠷ ᠪᠣᠯᠵᠤ ᠪᠠᠶᠢᠨ᠎ᠠ᠂ ᠬᠤᠭᠤᠯᠠ ᠪᠠᠨ ᠪᠦᠷ ᠴᠡᠪᠡᠷᠬᠡᠨ ᠢᠳᠡᠴᠢᠭᠡᠯ᠎ᠡ》 ᠋ ᠭᠡᠪᠡ᠃ ᠬᠤᠭᠤᠯᠠ ᠪᠠᠨ ᠢᠳᠡᠵᠦ ᠳᠠᠭᠤᠰᠤᠭᠠᠳ ᠭᠠᠳᠠᠭᠰᠢ ᠶᠠᠪᠤᠬᠤ ᠦᠶ᠎ᠡ ᠳᠤ᠂ ᠮᠠᠶᠢᠺᠧ ᠭᠦᠶᠦᠵᠦ ᠣᠴᠢᠭᠠᠳ ᠬᠠᠭᠠᠯᠭ᠎ᠠ ᠶᠢ ᠬᠦᠴᠦᠲᠡᠢ ᠲᠦᠯᠬᠢᠨ ᠨᠡᠭᠡᠭᠡᠭᠰᠡᠨ ᠳᠤ᠂ ᠬᠠᠵᠠᠭᠤ ᠳᠤᠨᠢ ᠦᠵᠡᠵᠦ ᠪᠠᠶᠢᠭᠰᠠᠨ ᠡᠪᠦᠭᠡᠵᠢᠶᠡᠷ ᠠᠪᠤᠭᠠᠢ ᠢᠨᠢᠶᠡᠭᠰᠡᠭᠡᠷ᠄ 《ᠵᠠᠯᠠᠭᠤ᠂ ᠴᠢ ᠶᠡᠭᠡ ᠴᠢᠳᠠᠯ ᠲᠠᠢ ᠪᠠᠶᠢᠨ᠎ᠡ ᠰᠢᠳᠡ!》 ᠋ ᠭᠡᠪᠡ᠃ ᠦᠳᠡᠰᠢ ᠨᠢ ᠤᠨᠳᠠᠬᠤ ᠪᠣᠯᠤᠬᠰᠠᠨ ᠳᠤ ᠮᠠᠶᠢᠺᠧ ᠦᠭᠡ ᠳᠠᠭᠤ ᠦᠭᠡᠢ ᠬᠤᠪᠴᠠᠰᠤ ᠪᠠᠨ ᠲᠠᠶᠢᠯᠵᠦ ᠡᠴᠢᠭᠡ ᠡᠬᠡ ᠲᠠᠢ ᠪᠠᠨ ᠦᠳᠡᠰᠢ ᠶᠢᠨ ᠮᠡᠨᠳᠦ ᠠᠶᠢᠯᠠᠳᠬᠠᠨ ᠤᠷᠤᠨ ᠳᠠᠭᠠᠨ ᠤᠷᠤᠭᠰᠠᠨ ᠳᠤ᠂ ᠡᠴᠢᠭᠡ ᠡᠬᠡ ᠨᠢ᠄ 《ᠦᠨᠦᠳᠦᠷ ᠴᠢ ᠶᠡᠭᠡ ᠰᠠᠶᠢᠨ ᠢᠯᠡᠷᠡᠯ ᠲᠠᠢ ᠪᠠᠶᠢᠨ᠎ᠠ᠂ ᠰᠠᠶᠢᠬᠠᠨ ᠵᠡᠭᠦᠳᠦ ᠵᠡᠭᠦᠳᠦᠯᠡᠬᠦ ᠶᠤᠮ! ᠬᠦᠦ ᠮᠢᠨᠢ ᠰᠠᠶᠢᠬᠠᠨ ᠤᠨᠲᠠᠭᠠᠷᠠᠢ!》 ᠋ ᠭᠡᠪᠡ᠃

ᠠᠮᠧᠷᠢᠺᠠ ᠶᠢᠨ ᠡᠴᠢᠭᠡ ᠡᠭᠡ ᠪᠣᠯᠤᠭᠰᠠᠳ ᠪᠠᠷᠤᠭ ᠡᠳᠦᠷ ᠪᠣᠯᠭᠠᠨ ᠦᠪᠡᠷ ᠤᠨ ᠬᠡᠥᠬᠡᠳ ᠢᠶᠠᠨ ᠮᠠᠭᠲᠠᠨ ᠰᠠᠶᠢᠰᠢᠶᠠᠵᠦ ᠪᠠᠶᠢᠳᠠᠭ᠃ ᠵᠢᠱᠢᠶᠠᠯᠠᠪᠠᠯ᠄ ᠬᠦᠦ ᠮᠢᠨᠢ ᠦᠨᠡᠬᠡᠷ ᠰᠠᠶᠢᠨ! ᠪᠣᠯᠵᠤ ᠪᠠᠶᠢᠨ᠎ᠠ! ᠬᠡᠴᠡᠭᠦᠦ ᠰᠢᠲᠡ! ᠴᠢ ᠦᠨᠡᠬᠡᠷ ᠰᠦᠷᠡᠭᠡᠢ! ᠣᠨᠴᠠᠭᠠᠢ ᠰᠠᠶᠢᠨ ᠬᠢᠵᠡᠢ! ᠴᠢ ᠪᠣᠯ ᠮᠢᠨᠤ ᠵᠤᠭ᠎ᠠ ᠰᠢᠤ! ᠬᠡᠭᠦ ᠮᠡᠲᠦ ᠪᠠᠷ ᠮᠠᠭᠳᠠᠨ᠎ᠠ᠃ ᠪᠣᠰᠤᠳ ᠤᠨ ᠬᠡᠥᠬᠡᠳ ᠢ ᠴᠤ ᠠᠳᠠᠯᠢᠬᠠᠨ ᠢᠶᠠᠷ ᠮᠠᠭᠲᠠᠨ ᠰᠠᠶᠢᠰᠢᠶᠠᠳᠠᠭ᠃ ᠬᠡᠥᠬᠡᠳ ᠪᠠᠭᠠᠴᠤᠳ ᠶᠢᠨ ᠪᠤᠶᠢᠵᠢᠯᠲᠠ ᠶᠢᠨ ᠶᠠᠪᠤᠴᠠ ᠳᠤ᠂ ᠬᠠᠮᠤᠭ ᠴᠢᠬᠤᠯᠠ ᠨᠢ ᠲᠡᠳᠡᠨ ᠤ ᠢᠲᠡᠭᠡᠯ ᠵᠣᠷᠢᠭ ᠢ ᠬᠦᠮᠦᠵᠢᠬᠦᠯᠬᠦ ᠶᠠᠪᠤᠳᠠᠯ ᠪᠣᠯᠤᠨ᠎ᠠ᠃ ᠢᠳᠡᠭᠡᠯ ᠵᠣᠷᠢᠭ ᠲᠠᠢ ᠪᠣᠯᠴᠢᠬᠠᠪᠠᠯ᠂ ᠲᠡᠳᠡ ᠬᠦᠴᠢᠷ ᠪᠡᠷᠭᠡᠰᠢᠶᠡᠯ ᠢ ᠢᠯᠡᠨ ᠳᠠᠪᠠᠵᠦ᠂ ᠮᠡᠷᠡᠶᠢᠨ ᠴᠢᠷᠮᠠᠶᠢᠬᠤ ᠬᠦᠴᠦᠨ ᠲᠠᠢ ᠪᠣᠯᠵᠤ᠂ ᠢᠳᠡᠪᠬᠢ ᠪᠠᠶᠠᠰᠤᠩᠭᠤᠢ ᠪᠠᠷ ᠠᠮᠢᠳᠤᠷᠠᠵᠦ ᠴᠢᠳᠠᠨ᠎ᠠ᠃ ᠡᠬᠦᠨ ᠲᠠᠢ ᠡᠰᠡᠷᠭᠦᠦ ᠪᠠᠷ ᠡᠴᠢᠭᠡ ᠡᠬᠡ ᠪᠣᠯᠤᠭᠰᠠᠳ ᠤᠨ ᠬᠠᠮᠤᠭ ᠤᠨ ᠲᠣᠮᠤ ᠪᠤᠷᠤᠭᠤ ᠬᠢᠳᠠᠯ ᠪᠣᠯ᠂ ᠬᠡᠥᠬᠡᠳ ᠤᠨ ᠢᠲᠡᠭᠡᠯ ᠵᠣᠷᠢᠭ ᠢ ᠮᠢᠳᠠᠷᠠᠭᠤᠯᠬᠤ ᠶᠠᠪᠤᠳᠠᠯ ᠪᠣᠯᠤᠨ᠎ᠠ᠃ ᠠᠮᠧᠷᠢᠺᠠ ᠶᠢᠨ ᠰᠤᠷᠭᠠᠨ ᠬᠦᠮᠦᠵᠢᠯ ᠤᠨ ᠰᠠᠯᠠᠭ᠎ᠠ ᠮᠦᠴᠢᠷ ᠤᠨ ᠬᠢᠨ ᠤ ᠰᠤᠳᠤᠯᠤᠨ ᠦᠨᠡᠯᠡᠭᠰᠡᠨ ᠢᠶᠠᠷ᠂ ᠬᠡᠥᠬᠡᠳ ᠲᠤ ᠴᠣᠬᠢᠯᠲᠠ ᠪᠠᠷ ᠬᠠᠮᠤᠭ ᠤᠨ ᠴᠢᠩᠭ᠎ᠠ᠂ ᠬᠤᠣᠷ ᠭᠡᠮ ᠢᠶᠠᠷ ᠬᠠᠮᠤᠭ ᠤᠨ ᠶᠡᠭᠡ ᠦᠭᠡ ᠪᠣᠯ 《ᠮᠤᠨᠤᠭ ᠠᠮᠢᠲᠠᠨ! ᠳᠦᠷᠢ ᠪᠠᠨ ᠦᠵᠡ!》 ᠋᠂ 《ᠴᠢ ᠴᠤ ᠠᠪᠤᠷᠠᠰᠢ ᠦᠭᠡᠢ ᠪᠣᠯᠵᠡᠢ!》 ᠋᠂ 《ᠴᠢ ᠶᠠᠭᠠᠬᠢᠵᠦ ᠴᠢᠷᠮᠠᠶᠢᠭᠰᠠᠨ ᠴᠤ ᠲᠡᠶᠢᠮᠦ ᠪᠣᠯᠵᠠᠢ!》 ᠋᠂ 《 ᠠᠮᠠ ᠪᠠᠨ ᠬᠠᠮᠬᠢ!》 ᠋ ᠭᠡᠬᠦ ᠮᠡᠲᠦ ᠶᠢᠨ ᠦᠭᠡ ᠪᠣᠯᠤᠨ᠎ᠠ᠃

ᠢᠷᠡᠯᠲᠡ᠄      ᠨᠠᠶᠢᠷᠠᠭᠤᠯᠤᠭᠴᠢ᠄