home
home

    ᠬᠡᠦᠬᠡᠳ ᠢ ᠭᠡᠷ ᠤᠨ ᠠᠵᠢᠯ ᠳᠤ ᠤᠷᠤᠯᠴᠠᠭᠤᠯᠬᠤ ᠰᠠᠶᠢᠨ ᠠᠷᠭ᠎ᠠ — ᠨᠢᠭᠡ ᠭᠡᠰᠡᠭ 《ᠬᠠᠷᠢᠭᠤᠴᠠᠯᠭ᠎ᠠ ᠶᠢᠨ ᠭᠠᠵᠠᠷ》 ᠋ ᠲᠠᠭᠠᠭᠠᠴᠢᠯᠠᠭᠤᠯᠵᠤ ᠦᠭᠭᠦᠨ᠎ᠠ

2016-08-29  20:04

ᠬᠡᠦᠬᠡᠳ ᠢ ᠭᠡᠷ ᠤᠨ ᠠᠵᠢᠯ ᠳᠤ ᠤᠷᠤᠯᠴᠠᠭᠤᠯᠬᠤ ᠰᠠᠶᠢᠨ ᠠᠷᠭ᠎ᠠ᠄ ᠨᠢᠭᠡ ᠭᠡᠰᠡᠭ 《ᠬᠠᠷᠢᠭᠤᠴᠠᠯᠭ᠎ᠠ ᠶᠢᠨ ᠭᠠᠵᠠᠷ》 ᠋ ᠲᠠᠭᠠᠭᠠᠴᠢᠯᠠᠭᠤᠯᠵᠤ ᠦᠭᠭᠦᠨ᠎ᠠ

ᠠᠪᠤ ᠡᠵᠢ ᠪᠤᠯᠤᠭᠰᠠᠠ ᠤ ᠬᠤᠪᠢ ᠳᠤ᠂ ᠬᠡᠦᠬᠡᠳ ᠤᠨ ᠢᠶᠠᠨ ᠠᠵᠢᠯ ᠬᠦᠳᠡᠯᠮᠤᠷᠢ ᠳᠤ ᠤᠷᠤᠯᠴᠠᠭᠠᠳ ᠶᠠᠳᠠᠷᠠᠵᠤ ᠵᠦᠳᠡᠷᠡᠬᠦ ᠶᠢ ᠨᠢ ᠦᠵᠡᠬᠦ ᠲᠤᠷ᠎ᠠ ᠦᠭᠡᠢ ᠪᠠᠶᠢᠳᠠᠭ ᠲᠤᠯᠠ ᠭᠡᠷ ᠤᠨ ᠠᠵᠢᠯ ᠶᠠᠪᠤᠳᠠᠯ ᠪᠦᠬᠦᠨ ᠢ ᠦᠪᠡᠷ ᠢᠶᠠᠨ ᠪᠦᠬᠦᠳᠡ ᠶᠢ ᠨᠢ ᠬᠠᠷᠢᠭᠤᠴᠠᠠ ᠠᠪᠳᠠᠭ᠃ ᠢᠩᠬᠢᠭᠰᠡᠡ ᠢᠶᠠᠷ ᠬᠡᠦᠬᠡᠳ ᠨᠢ ᠬᠠᠷᠠᠬᠠᠠ ᠪᠠᠭ᠎ᠠ ᠠᠴᠠ ᠪᠠᠨ ᠠᠵᠢᠯ ᠬᠦᠳᠡᠯᠮᠤᠷᠢ ᠳᠤ ᠤᠷᠤᠯᠴᠠᠬᠤ ᠲᠠᠳᠬᠠᠯ ᠦᠭᠡᠢ ᠪᠤᠯᠵᠤ᠂ ᠭᠡᠷ ᠪᠦᠯᠢ ᠶᠢᠨ ᠢᠶᠠᠨ ᠶᠠᠮᠠᠷᠪᠠ ᠠᠵᠢᠯ ᠢ ᠴᠤ ᠬᠢᠬᠦ ᠲᠤᠷ᠎ᠠ ᠦᠭᠡᠢ᠂ ᠪᠤᠰᠤᠮᠠᠭᠴᠠ ᠢᠳᠡᠬᠦ᠂ ᠭᠠᠷ ᠰᠤᠩᠭᠠᠮᠠᠭᠴᠠ ᠡᠮᠤᠰᠬᠦ ᠪᠤᠯᠤᠭᠰᠠᠠ ᠪᠠᠶᠢᠨ᠎ᠠ᠃ ᠨᠡᠩ ᠴᠤ ᠵᠠᠷᠢᠮ ᠬᠡᠦᠬᠡᠳ ᠵᠠᠷᠢᠮ ᠠᠵᠢᠯ ᠢ ᠦᠪᠡᠷ ᠢᠶᠠᠨ ᠬᠢᠵᠤ ᠴᠢᠳᠠᠬᠤ ᠪᠠᠶᠢᠳᠠᠯ᠎ᠠ ᠬᠢᠬᠦ ᠪᠠᠶᠢᠳᠠᠯ᠎ᠠ ᠪᠠᠨ ᠬᠠᠷᠢᠨ ᠠᠪᠤ ᠡᠵᠢ ᠪᠠᠷ ᠢᠶᠠᠨ ᠬᠠᠪᠰᠤᠷᠤᠭᠤᠯᠵᠤ ᠪᠠᠶᠢᠨ᠎ᠠ᠃ ᠡᠬᠦᠨ ᠳᠤ ᠵᠠᠷᠢᠮ ᠭᠡᠷ ᠤᠨ ᠠᠬᠠᠮᠠᠳ᠄ 《ᠬᠡᠦᠬᠡᠳ ᠢᠶᠠᠷ ᠪᠠᠭ᠎ᠠ ᠰᠠᠭ᠎ᠠ ᠭᠡᠷ ᠤᠨ ᠠᠵᠢᠯ ᠬᠢᠯᠭᠡᠬᠦ ᠨᠢ ᠬᠡᠦᠬᠡᠳ ᠤᠨ ᠦᠰᠦᠯᠳᠡ ᠪᠤᠶᠢᠵᠢᠯᠳᠠ ᠳᠤ ᠲᠤᠰᠠ ᠲᠠᠢ ᠭᠡᠳᠡᠭ ᠢ ᠪᠢ ᠮᠡᠳᠡᠵᠤ ᠪᠠᠶᠢᠨ᠎ᠠ᠃ ᠭᠡᠪᠡᠴᠤ ᠤᠳᠤ ᠬᠡᠦᠬᠡᠳ ᠢ ᠭᠡᠷ ᠤᠨ ᠠᠵᠢᠯ ᠬᠢᠯᠭᠡᠨ᠎ᠠ ᠭᠡᠬᠦ ᠳᠤ ᠬᠠᠷᠢᠨ ᠲᠦᠪᠡᠭᠰᠢᠶᠠᠭᠡᠳ ᠪᠠᠶᠢᠨ᠎ᠠ》 ᠋ ᠭᠡᠵᠤ ᠠᠷᠭ᠎ᠠ ᠦᠭᠡᠶᠢᠳᠡᠵᠤ ᠪᠠᠶᠢᠳᠠᠭ᠃ ᠡᠶᠢᠮᠤ ᠪᠠᠶᠢᠳᠠᠯ ᠲᠤᠤᠷ᠎ᠠ ᠬᠡᠦᠬᠡᠳ ᠲᠤ ᠨᠢᠭᠡ ᠭᠡᠰᠡᠭ 《ᠬᠠᠷᠢᠭᠤᠴᠠᠯᠭ᠎ᠠ ᠶᠢᠨ ᠭᠠᠵᠠᠷ》 ᠋ ᠲᠠᠭᠠᠭᠠᠴᠢᠯᠠᠭᠤᠯᠤᠨ ᠦᠭᠬᠦ ᠠᠷᠭ᠎ᠠ ᠶᠢ ᠠᠪᠴᠤ ᠪᠤᠯᠤᠨ᠎ᠠ᠃

ᠭᠡᠷ ᠤᠨ ᠠᠬᠠᠮᠠᠳ ᠬᠡᠦᠬᠡᠳ ᠲᠡᠭᠡᠨ ᠭᠡᠷ ᠤᠨ ᠠᠵᠢᠯ ᠲᠤᠬᠢᠷᠠᠭᠤᠯᠵᠤ ᠦᠭᠭᠦ ᠶᠢᠨ ᠲᠠᠭᠠᠤ ᠵᠤᠬᠢᠰᠳᠠᠢ ᠪᠠᠷ 《ᠠᠯᠪᠠᠳᠠᠬᠤ》 ᠋ ᠪᠦᠭᠡᠳ ᠬᠡᠦᠬᠡᠳ ᠢ ᠵᠢᠯᠤᠭᠤᠳᠴᠤ ᠭᠡᠷ ᠤᠨ ᠠᠵᠢᠯ ᠬᠢᠯᠭᠡᠨ᠎ᠠ᠂ ᠢᠩᠬᠢᠬᠦ ᠨᠢ ᠬᠡᠦᠬᠡᠳ ᠢ ᠲᠡᠪᠳᠡᠡ ᠪᠤᠯᠪᠠᠰᠤᠷᠠᠭᠤᠯᠵᠤ ᠪᠤᠯᠬᠤ ᠮᠦᠷᠲᠡᠭᠡᠡ ᠬᠡᠦᠬᠡᠳ ᠤᠨ ᠠᠵᠢᠯ ᠬᠦᠳᠡᠯᠮᠤᠷᠢ ᠶᠢ ᠬᠠᠶᠢᠷᠠᠯᠠᠬᠤ ᠵᠠᠩ ᠲᠠᠳᠬᠠᠯ ᠲᠠᠢ ᠪᠤᠯᠭᠠᠠ ᠬᠦᠮᠦᠵᠢᠬᠦᠯᠵᠤ ᠴᠢᠳᠠᠨ᠎ᠠ᠃ ᠡᠳᠤᠷ ᠪᠦᠷᠢ ᠭᠠᠵᠠᠷ ᠵᠦᠯᠬᠦᠬᠦ᠂ ᠤᠷᠤ ᠪᠠᠨ ᠲᠡᠭᠰᠢᠯᠡᠵᠤ ᠴᠡᠪᠡᠷᠯᠡᠬᠦ ᠦᠶᠡᠰ ᠬᠡᠦᠬᠡᠳ ᠲᠡᠭᠡᠨ ᠨᠢᠭᠡ ᠭᠡᠰᠡᠭ 《ᠬᠤᠪᠢ ᠶᠢᠨ ᠭᠠᠵᠠᠷ》 ᠋ ᠭᠠᠷᠭᠠᠠ ᠦᠭᠭᠦᠭᠡᠷᠡᠢ᠃ ᠲᠤᠭᠤᠭ᠎ᠠ ᠰᠢᠨᠠᠭ᠎ᠠ ᠤᠬᠢᠶᠠᠬᠤ᠂ ᠴᠡᠴᠡᠭ ᠬᠤᠸᠠᠷ ᠤᠰᠤᠯᠠᠬᠤ ᠦᠶᠡᠰ ᠬᠡᠦᠬᠡᠳ ᠲᠡᠭᠡᠨ ᠨᠢᠭᠡ ᠭᠡᠰᠡᠭ 《 ᠬᠠᠷᠢᠭᠤᠴᠠᠯᠭ᠎ᠠ ᠶᠢᠨ ᠲᠠᠷᠢᠶᠠᠠ ᠭᠠᠵᠠᠷ》 ᠋ ᠭᠠᠷᠭᠠᠵᠤ ᠦᠭᠭᠦᠭᠡᠷᠡᠢ᠃ ᠴᠢᠨᠠᠭᠰᠢᠯᠠᠪᠠᠯ ᠨᠤᠭᠤᠭ᠎ᠠ ᠴᠠᠭ᠎ᠠ ᠬᠤᠳᠠᠯᠳᠤᠨ ᠠᠪᠬᠤ ᠶᠢ ᠬᠡᠦᠬᠡᠳ ᠢᠶᠠᠷ ᠢᠶᠠᠨ ᠬᠢᠯᠭᠡᠭᠡᠷᠡᠢ᠃ ᠬᠡᠦᠬᠡᠳ ᠢᠶᠠᠷ ᠢᠶᠠᠨ ᠭᠡᠷ ᠤᠨ ᠤᠷᠤᠯᠭ᠎ᠠ ᠵᠠᠷᠤᠯᠭ᠎ᠠ ᠶᠢ ᠪᠠᠭ᠎ᠠ ᠰᠠᠭ᠎ᠠ ᠪᠤᠳᠤᠭᠤᠯᠵᠦ ᠦᠵᠡᠬᠦᠯᠦᠭᠡᠷᠡᠢ ᠃ ᠬᠡᠦᠬᠡᠳ ᠤᠳ ᠦᠪᠡᠷ ᠤᠨ 《ᠲᠠᠭᠠᠭᠠᠴᠢᠯᠠᠭᠰᠠᠠ ᠵᠦᠢᠯᠡᠰ》 ᠋ ᠢᠶᠠᠨ ᠶᠠᠷᠤᠨᠢ ᠬᠢᠨᠠᠮᠠᠭᠠᠢ ᠡᠵᠡᠩᠨᠡᠵᠤ᠂ ᠰᠡᠳᠬᠢᠯ ᠢᠶᠠᠨ ᠲᠦᠪᠯᠡᠷᠡᠬᠦᠯᠦᠨ ᠬᠠᠶᠢᠷᠠᠯᠠᠠ ᠬᠠᠮᠠᠭᠠᠯᠠᠬᠤ ᠪᠠᠷ ᠬᠦᠴᠦᠯᠡᠨ  ᠴᠢᠷᠮᠠᠶᠢᠬᠤ ᠶᠤᠮ᠃ ᠢᠩᠬᠢᠵᠤ ᠲᠠᠭᠠᠭᠠᠴᠢᠯᠠᠭᠤᠯᠬᠤ ᠠᠷᠭ᠎ᠠ ᠨᠢ ᠬᠡᠦᠬᠡᠳ ᠤᠨ ᠭᠡᠷ ᠤᠨ ᠠᠵᠢᠯ ᠬᠦᠳᠡᠯᠮᠤᠷᠢ ᠳᠤ ᠤᠷᠤᠯᠴᠠᠬᠤ ᠢᠳᠡᠪᠬᠢᠵᠢᠯ ᠢ ᠨᠡᠩ ᠲᠠᠶᠢᠴᠢᠯᠠᠵᠤ ᠴᠢᠳᠠᠬᠤ ᠪᠦᠭᠡᠳ ᠭᠡᠷ ᠤᠨ ᠠᠵᠢᠯ ᠬᠢᠬᠦ ᠴᠢᠳᠠᠪᠤᠷᠢ ᠶᠢ ᠨᠢ ᠲᠡᠭᠡᠭᠰᠢᠯᠡᠬᠦᠯᠵᠤ ᠴᠢᠳᠠᠨ᠎ᠠ᠃

ᠬᠡᠦᠬᠡᠳ ᠢᠶᠠᠷ ᠭᠡᠷ ᠤᠨ ᠠᠵᠢᠯ ᠲᠠᠭᠠᠭᠠᠴᠢᠯᠠᠭᠤᠯᠵᠤ ᠬᠢᠯᠬᠡᠬᠦ ᠨᠢ ᠬᠡᠦᠬᠡᠳ ᠤᠨ ᠮᠠᠰᠢ ᠤᠯᠠᠠ ᠰᠠᠶᠢᠨ ᠰᠠᠶᠢᠬᠠ ᠵᠠᠩ ᠲᠠᠳᠬᠠᠯ ᠢ ᠬᠦᠮᠦᠵᠢᠬᠦᠯᠬᠦ ᠠᠰᠢᠭ ᠲᠠᠢ ᠭᠡᠳᠡᠭ ᠢ ᠭᠡᠷ ᠤᠨ ᠠᠬᠠᠮᠠᠳ ᠪᠤᠯᠤᠭᠰᠠᠳ ᠤᠢᠢᠯᠠᠭᠠᠬᠤ ᠶᠤᠰᠤᠲᠠᠢ᠃ ᠭᠡᠷ ᠤᠨ ᠠᠵᠢᠯ ᠢ ᠲᠠᠭᠠᠭᠠᠴᠢᠯᠠᠭᠤᠯᠵᠤ ᠬᠢᠬᠦ ᠪᠠᠷ ᠲᠠᠮᠵᠢᠨ᠂ ᠬᠡᠦᠬᠡᠳ ᠤᠯᠠᠮ ᠠᠵᠢᠯᠴᠢ ᠬᠦᠳᠡᠯᠮᠤᠷᠢᠴᠢ᠂ ᠨᠡᠩ ᠲᠤᠮᠤᠭᠠᠵᠢᠭᠤᠨ᠂ ᠠᠮᠢᠳᠤᠷᠠᠯ ᠢᠶᠠᠨ ᠦᠪᠡᠰᠤᠪᠡᠨ ᠲᠤᠬᠢᠷᠠᠭᠤᠯᠬᠤ ᠴᠢᠳᠠᠪᠤᠷᠢ ᠲᠠᠢ ᠪᠤᠯᠤᠨ᠎ᠠ᠃ ᠶᠠᠷᠢᠶᠠᠠ ᠦᠭᠡᠢ 《ᠲᠠᠭᠠᠭᠠᠴᠢᠯᠠᠬᠤ》 ᠋ ᠶᠠᠪᠤᠴᠠ ᠳᠤ᠂ ᠭᠡᠷ ᠤᠨ ᠠᠬᠠᠮᠠᠳ ᠬᠡᠦᠬᠡᠳ ᠤᠨ ᠢᠶᠠᠨ 《ᠪᠠᠶ᠎ᠠ ᠪᠠᠨ ᠲᠠᠭᠠᠭᠠᠬᠤ》 ᠋ ᠶᠢ ᠪᠠᠷᠢᠮᠳᠠᠯᠠᠵᠤ᠂ ᠵᠤᠬᠢᠰᠳᠠᠢ ᠵᠤᠷᠢᠭᠵᠢᠭᠤᠯᠬᠤ  ᠶᠢ ᠠᠩᠬᠠᠷᠤᠨ᠎ᠠ᠃ ᠵᠢᠱᠢᠶᠠᠯᠠᠪᠠᠯ᠂ ᠬᠡᠦᠬᠡᠳ ᠴᠢᠨᠢ ᠭᠡᠷ ᠢᠶᠠᠨ ᠴᠡᠪᠡᠷᠯᠡᠵᠤ ᠪᠠᠷᠠᠪᠠᠯ᠂ ᠭᠡᠷ ᠤᠨ ᠠᠬᠠᠮᠠᠳ᠄ 《ᠭᠡᠷ ᠢᠶᠠᠨ ᠲᠤᠩ ᠰᠠᠶᠢᠬᠠᠨ ᠴᠡᠪᠡᠷᠯᠡᠵᠠᠢ᠂ ᠶᠠᠳᠠᠷᠠᠵᠤ ᠪᠠᠶᠢᠨ᠎ᠠ ᠤᠤ︖ ᠡᠶᠢᠮᠤ ᠴᠡᠪᠡᠷᠭᠡᠡ ᠭᠡᠷ ᠲᠤ ᠰᠤᠷᠤᠯᠴᠠᠬᠤ ᠨᠢ ᠯᠠᠪᠳᠠᠢ ᠲᠠᠭᠠᠳᠠᠢ ᠪᠠᠶᠢᠬ᠎ᠠ ᠳ᠋ᠠ!》 ᠋ ᠭᠡᠬᠦ ᠮᠡᠳᠦ ᠪᠠᠷ ᠲᠡᠳᠡᠡ ᠲᠠᠢ ᠰᠡᠳᠬᠢᠯ ᠢᠶᠠᠨ ᠶᠠᠷᠢᠯᠴᠠᠵᠤ᠂ ᠬᠡᠦᠬᠡᠳ ᠤᠨ ᠠᠵᠢᠯ ᠬᠦᠳᠡᠯᠮᠤᠷᠢ ᠳᠤ ᠤᠷᠤᠯᠴᠠᠬᠤ ᠦᠵᠡᠯ ᠤᠬᠠᠮᠰᠠᠷ ᠢ ᠠᠶᠠᠨᠳᠠᠭᠠᠠ ᠬᠦᠮᠦᠵᠢᠬᠦᠯᠦᠨ᠎ᠠ  ᠃     ᠬᠡᠦᠬᠡᠳ ᠤᠨ ᠢᠶᠠᠨ ᠭᠡᠷ ᠤᠨ ᠠᠵᠢᠯ ᠬᠢᠬᠦ ᠶᠠᠪᠤᠴᠠ ᠳᠤ ᠲᠤᠮᠤᠭᠠᠵᠢᠨ ᠪᠤᠶᠢᠵᠢᠬᠤ ᠶᠢ ᠬᠠᠷᠠᠭᠠᠳ ᠭᠡᠷ ᠤᠨ ᠠᠬᠠᠮᠠᠳ ᠪᠤᠯᠤᠭᠰᠠᠠ ᠲᠠ ᠪᠠᠶᠡᠰᠬᠤ ᠦᠭᠡᠢ ᠭᠡᠵᠢ ᠤᠤ!

ᠢᠷᠡᠯᠲᠡ᠄      ᠨᠠᠶᠢᠷᠠᠭᠤᠯᠤᠭᠴᠢ᠄