home
home

    ᠰᠠᠶᠢᠨ ᠡᠴᠢᠭᠡ ᠵᠠᠭᠤᠨ ᠪᠠᠭᠰᠢ ᠠᠴᠠ ᠲᠠᠪᠠᠨ᠎ᠠ

2016-08-29  20:14

ᠳ᠋᠊ · ᠸᠢᠨᠴ᠄

ᠭᠡᠤᠭᠡᠳ ᠤᠨ ᠲᠤᠷ᠎ᠠ ᠰᠤᠨᠢᠷᠬᠠᠯ ᠢ ᠭᠦᠢᠴᠡᠳ ᠭᠦᠭᠵᠢᠭᠦᠯᠳ᠋ᠩ

ᠠᠯᠳᠠᠷᠳᠦ ᠵᠢᠷᠤᠬᠴᠢᠳ ᠳ᠋᠊ · ᠸᠢᠨᠴ ᠤᠨ ᠡᠴᠢᠭᠡ ᠫᠧᠲᠷᠤ᠋ ᠪᠤᠯ ᠤᠯᠠᠨ ᠳᠤ ᠮᠠᠭᠳᠠᠭᠳᠠᠭᠰᠠᠨ ᠰᠠᠶᠢᠨ ᠡᠴᠢᠭᠡ ᠪᠤᠯᠬᠤ ᠶᠤᠮ᠂ ᠲᠡᠭᠦᠨ ᠤ ᠭᠡᠤᠭᠡᠳ ᠢᠶᠠᠨ ᠭᠦᠮᠤᠵᠢᠭᠦᠯᠭᠦ ᠪᠠᠷᠢᠮᠵᠢᠶ᠎ᠠ ᠪᠤᠯ᠄ ᠭᠡᠤᠭᠡᠳ ᠲᠤ ᠬᠠᠮᠤᠭ ᠤᠨ ᠶᠡᠭᠡ ᠡᠷᠭᠡ ᠴᠢᠯᠤᠭᠡ ᠦᠭᠴᠤ᠂ ᠭᠡᠤᠭᠡᠳ ᠢᠶᠠᠷ ᠦᠪᠠᠷ ᠤᠨ ᠬᠢᠨᠢ ᠲᠤᠷ᠎ᠠ ᠰᠤᠨᠢᠷᠬᠠᠯ ᠢ ᠭᠦᠭᠵᠢᠭᠦᠯᠭᠦ ᠪᠤᠯᠭᠠᠨ᠎ᠠ᠃

ᠳ᠋᠊ · ᠸᠢᠨᠴ 6 ᠨᠠᠰᠤᠳᠡᠢ ᠳᠠᠭᠠᠨ ᠰᠤᠷᠭᠠᠭᠤᠯᠢ ᠳᠤ ᠤᠷᠤᠪᠠ᠂ ᠲᠡᠷᠡ ᠭᠡᠳᠦ᠋ᠢᠪᠠᠷ ᠮᠠᠰᠢ ᠤᠯᠠᠨ ᠮᠡᠳᠡᠯᠭᠡ ᠤᠯᠵᠤ ᠰᠤᠷᠤᠭᠰᠠᠨ ᠪᠤᠯᠪᠠᠴᠤ᠂ ᠵᠢᠷᠤᠭ ᠵᠢᠷᠤᠬᠤ ᠳᠤ ᠤᠠᠴᠠᠭᠠᠢ ᠪᠠᠭ᠋ᠠᠳᠡᠢ ᠪᠠᠶᠢᠯ᠎ᠠ᠃ ᠨᠢᠭᠡ ᠡᠳᠤᠷ᠂ ᠲᠡᠷᠡ ᠬᠢᠴᠢᠶᠠᠯ ᠲᠡᠭᠡᠷ᠎ᠠ ᠪᠠᠭᠰᠢ ᠶᠢᠨ ᠵᠢᠭᠠᠬᠤ ᠶᠢ ᠲᠠᠮᠠᠢ ᠰᠠᠶᠢᠨ ᠰᠤᠨᠤᠰᠤᠭᠰᠠᠨ ᠦᠭᠡᠢ᠂ ᠬᠠᠷᠢᠨ ᠪᠠᠭᠰᠢ ᠳᠠᠭᠠᠨ ᠨᠢᠭᠡ ᠲᠠᠳᠠᠯᠭᠠᠨ ᠵᠢᠷᠤᠭ ᠵᠢᠷᠤᠵᠤ ᠦᠭᠭᠦᠭᠰᠡᠨ ᠶᠤᠮ᠃ ᠲᠡᠭᠡᠭᠡᠳ ᠲᠡᠷᠡ ᠭᠡᠷ ᠲᠡᠭᠡᠨ ᠬᠠᠷᠢᠭᠠᠳ ᠡᠨᠡᠭᠦ ᠲᠠᠳᠠᠯᠭᠠᠨ ᠵᠢᠷᠤᠭ ᠢᠶᠠᠨ ᠠᠪᠤ ᠳᠠᠭᠠᠨ ᠦᠵᠡᠭᠦᠯᠭᠦ ᠳᠤ᠂ ᠠᠪᠤ ᠨᠢ ᠠᠭᠤᠷᠯᠠᠭᠰᠠᠨ ᠦᠭᠡᠢ ᠮᠦᠷᠳᠡᠭᠡᠨ ᠬᠠᠷᠢᠨ ᠲᠡᠭᠦᠨ ᠢ ᠮᠠᠰᠢ ᠰᠠᠶᠢᠬᠠᠨ ᠵᠢᠷᠤᠭᠰᠠᠨ ᠭᠡᠵᠤ ᠮᠠᠭᠳᠠᠵᠤ᠂ ᠲᠡᠭᠦᠨ ᠤ ᠡᠨᠡ ᠲᠠᠯ᠎ᠠ ᠶᠢᠨ ᠠᠪᠢᠶᠠᠰ ᠴᠢᠳᠠᠪᠤᠷᠢ ᠶᠢ ᠨᠢ ᠭᠦᠮᠤᠵᠢᠭᠦᠯᠭᠦ ᠪᠠᠷ ᠲᠤᠭᠳᠠᠪᠠ᠃

ᠮᠧᠵᠠᠲ ᠤᠨ ᠡᠴᠢᠭᠡ᠄

ᠠᠵᠢᠯ ᠢᠶᠠᠨ ᠬᠠᠶᠠᠵᠤ ᠭᠡᠤᠭᠡᠳ ᠢᠶᠠᠨ ᠭᠦᠮᠤᠵᠢᠭᠦᠯᠪᠡ

ᠮᠧᠵᠠᠲ ᠢ 3 ᠨᠠᠰᠤᠳᠡᠢ ᠪᠠᠶᠢᠬᠤ ᠳᠤ᠂ ᠡᠴᠢᠭᠡ ᠨᠢ ᠲᠡᠭᠦᠨ ᠤ ᠡᠭᠡᠴᠢ ᠶᠢᠨ ᠢᠶᠠᠨ ᠭᠦᠭᠵᠢᠮ ᠪᠤᠯᠪᠠᠰᠤᠷᠠᠬᠤ ᠶᠢ ᠨᠢ ᠨᠠᠮ ᠵᠢᠮ ᠬᠠᠷᠠᠵᠤ ᠰᠠᠭᠤᠬᠤ ᠶᠢ ᠨᠢ ᠦᠵᠡᠭᠡᠳ᠂ ᠲᠡᠭᠦᠨ ᠳᠤ ᠰᠡᠭᠡᠭᠡᠷᠡᠯ ᠤᠨ ᠭᠦᠮᠤᠵᠢᠯ ᠬᠢᠵᠤ ᠡᠬᠢᠯᠡᠪᠡ᠃ ᠡᠴᠢᠭᠡ ᠶᠢᠨ ᠢᠶᠠᠨ ᠵᠢᠯᠤᠭᠤᠳᠤᠯᠭ᠎ᠠ ᠲᠤᠤᠷ᠎ᠠ᠂ ᠮᠧᠵᠠᠲ 5 ᠨᠠᠰᠤᠳᠡᠢ ᠳᠠᠭᠠᠨ ᠤᠬᠤᠷ ᠠᠶ᠎ᠠ ᠵᠤᠬᠢᠶᠠᠵᠤ᠂ 6 ᠨᠠᠰᠤᠳᠡᠢ ᠳᠠᠭᠠᠨ ᠲᠡᠭᠦᠯᠳᠡᠷ ᠭᠦᠭᠵᠢᠮ ᠤᠨ ᠲᠤᠳᠤᠷᠠᠭᠤᠯᠤᠯᠳᠡ ᠠᠶ᠎ᠠ ᠶᠢ ᠵᠤᠬᠢᠶᠠᠭᠰᠠᠨ ᠪᠠᠶᠢᠵᠠᠢ᠃ ᠰᠡᠭᠦᠯᠠᠷ ᠨᠢ᠂ ᠡᠴᠢᠭᠡ ᠨᠢ ᠲᠡᠭᠦᠨ ᠢ ᠨᠠᠩ ᠰᠠᠶᠢᠨ ᠭᠦᠮᠤᠵᠢᠭᠦᠯᠭᠦ ᠶᠢᠨ ᠲᠦᠯᠤᠭᠡ ᠬᠠᠭᠠᠨ ᠤ ᠤᠷᠳᠤᠨ ᠳᠤ ᠭᠦᠭᠵᠢᠮᠴᠢᠨ ᠪᠠᠶᠢᠭᠰᠠᠨ ᠠᠵᠢᠯ ᠢᠶᠠᠨ ᠬᠠᠶᠠᠵᠤ᠂ ᠪᠤᠢ ᠪᠦᠭᠦᠢ ᠤᠶᠤᠨ ᠴᠢᠳᠡᠯ ᠢᠶᠠᠨ ᠮᠧᠵᠠᠲ ᠤᠨ ᠪᠠᠶ᠎ᠠ ᠲᠡᠭᠡᠷ᠎ᠠ ᠵᠠᠷᠤᠴᠠᠭᠤᠯᠤᠭᠰᠠᠨ ᠪᠢᠯᠠ᠃

ᠯᠧᠹ · ᠲᠤᠯᠰᠲ᠋ᠤᠢ᠄

ᠭᠠᠯᠠᠭᠤᠨ ᠦᠳᠤᠨ ᠪᠢᠷ ᠢᠶᠠᠷ ᠭᠡᠤᠭᠡᠳ ᠤᠨ ᠢᠶᠠᠨ ᠤᠩᠰᠢᠬᠤ ᠨᠤᠮ ᠳᠤᠨᠢ ᠵᠡᠭᠦᠯᠳᠡ ᠵᠢᠷᠤᠭ ᠬᠠᠳᠠᠪᠠ

ᠤᠷᠤᠰ ᠤᠨ ᠵᠤᠬᠢᠶᠠᠯᠴᠢ ᠯᠧᠹ · ᠲᠤᠯᠰᠲ᠋ᠤᠢ ᠭᠡᠤᠭᠡᠳ ᠤᠨ ᠢᠶᠠᠨ ᠰᠤᠷᠬᠤ ᠪᠠᠬ᠎ᠠ ᠶᠢ ᠭᠦᠮᠤᠵᠢᠭᠦᠯᠭᠦ ᠶᠢ ᠮᠠᠰᠢ ᠠᠩᠬᠠᠷᠴᠤ᠂ ᠭᠡᠤᠭᠡᠳ ᠲᠡᠭᠡᠨ ᠦᠷᠭᠦᠯᠵᠢ ᠦᠯᠢᠭᠡᠷ ᠶᠠᠷᠢᠵᠤ᠂ ᠵᠢᠷᠤᠭ ᠵᠢᠷᠤᠵᠤ ᠦᠭᠭᠦ ᠶᠢᠨ ᠬᠠᠮᠳᠦ ᠪᠠᠰᠠ ᠲᠡᠳᠡᠨ ᠤ ᠲᠤᠷᠠᠳᠤᠨ ᠭᠠᠷᠭᠠᠬᠤ ᠡᠯ᠎ᠠ ᠵᠦᠢᠯ ᠤᠨ ᠠᠰᠠᠭᠤᠯᠳᠡ ᠶᠢ ᠬᠠᠷᠢᠭᠤᠯᠵᠤ ᠦᠭᠳ᠋ᠩ ᠪᠠᠶᠢᠪᠠ᠃

ᠨᠢᠭᠡ ᠤᠳᠠᠭ᠎ᠠ᠂ ᠲᠡᠷᠡ 《80 ᠡᠳᠤᠷ ᠪᠦᠮᠪᠤᠷᠴᠡᠭ ᠢᠶᠠᠷ ᠵᠢᠭᠤᠯᠴᠢᠯᠠᠭᠰᠠᠨ ᠨᠢ》 ᠋ ᠭᠡᠳ᠋ᠩ ᠨᠤᠮ ᠳᠤ ᠵᠡᠭᠦᠯᠳᠡ ᠵᠢᠷᠤᠭ ᠪᠠᠶᠢᠬᠤ ᠦᠭᠡᠢ ᠶᠢ ᠮᠡᠳᠡᠭᠡᠳ ᠭᠡᠤᠭᠡᠳ ᠲᠡᠭᠡᠨ ᠦᠯᠢᠭᠡᠷ ᠤᠨ ᠤᠶᠢᠯᠠ ᠪᠠᠶᠢᠳᠡᠯ ᠢ ᠤᠶᠢᠯᠠᠭᠠᠭᠤᠯᠬᠤ ᠶᠢᠨ ᠲᠦᠯᠤᠭᠡ ᠤᠷᠤᠢ ᠪᠦᠷᠢ ᠭᠠᠯᠠᠭᠤᠨ ᠦᠳᠤᠨ ᠪᠢᠷ ᠢᠶᠠᠷ ᠲᠤᠰ ᠨᠤᠮ ᠳᠤ ᠵᠡᠭᠦᠯᠳᠡ ᠵᠢᠷᠤᠭ ᠵᠢᠷᠤᠭᠰᠠᠨ ᠪᠠᠶᠢᠪᠠ᠃

ᠭᠠᠶᠢᠼ ᠤᠨ ᠡᠴᠢᠭᠡ᠄

ᠭᠡᠤᠭᠡᠳ ᠲᠡᠭᠡᠨ ᠦᠪᠠᠷ ᠤᠨ ᠴᠢᠳᠠᠪᠤᠷᠢ ᠪᠠᠷ ᠢᠶᠠᠨ ᠵᠤᠭᠤᠰ ᠤᠯᠬᠤ ᠶᠤᠰᠤ ᠤᠴᠢᠷ ᠢ ᠮᠡᠳᠡᠭᠦᠯᠪᠡ

ᠪᠢᠴᠢᠯ ᠺᠤᠮᠫᠢᠦ᠋ᠲ᠋ᠧᠷ ᠤᠨ ᠵᠦᠭᠡᠯᠡᠨ ᠲᠤᠨᠤᠭ ᠤᠨ ᠺᠤᠮᠫᠠᠨᠢ ᠶᠢᠨ ᠶᠠᠷᠤᠩᠭᠡᠶᠢᠯᠡᠭᠴᠢ ᠪᠢᠷ · ᠭᠠᠶᠢᠼ ᠪᠤᠯ ᠠᠮᠧᠷᠢᠺᠠ ᠶᠢᠨ ᠰᠢᠶᠠᠲ᠋ᠧᠯ ᠤᠨ ᠨᠢᠭᠡᠨ ᠴᠢᠨᠡᠭᠡᠯᠢᠭ ᠬᠠᠤᠯᠢᠴᠢ ᠶᠢᠨ ᠭᠡᠷ ᠪᠦᠯᠢ ᠳᠤ ᠲᠦᠷᠤᠵᠤ᠂ ᠡᠴᠢᠭᠡ ᠨᠢ ᠲᠡᠭᠦᠨ ᠢ ᠪᠠᠭ᠎ᠠ ᠠᠴᠠ ᠨᠢ 《ᠦᠪᠠᠷ ᠤᠨ ᠴᠢᠳᠠᠪᠤᠷᠢ ᠪᠠᠷ ᠢᠶᠠᠨ ᠵᠤᠭᠤᠰ ᠤᠯᠬᠤ》 ᠋ ᠤᠬᠠᠮᠰᠠᠷ ᠲᠠᠢ ᠪᠤᠯᠭᠠᠨ ᠭᠦᠮᠤᠵᠢᠭᠦᠯᠭᠦ ᠶᠢ ᠮᠠᠰᠢ ᠴᠢᠬᠤᠯᠠᠴᠢᠯᠠᠪᠠ᠃ ᠭᠠᠶᠢᠼ ᠭᠡᠷ ᠤᠨ ᠢᠶᠠᠨ ᠠᠵᠢᠯ ᠢ ᠬᠠᠪᠰᠤᠷᠴᠤ ᠬᠢᠪᠡᠯ᠂ ᠡᠴᠢᠭᠡ ᠨᠢ ᠲᠡᠭᠦᠨ ᠳᠤ ᠪᠠᠭ᠎ᠠ ᠰᠠᠭ᠎ᠠ ᠬᠠᠷᠠᠮᠵᠢ ᠦᠭᠴᠤ᠂ ᠡᠭᠦᠨ ᠢᠶᠠᠷ ᠲᠡᠭᠦᠨ ᠤ ᠬᠠᠯᠠᠭᠤᠨ ᠰᠡᠳᠬᠢᠯᠭᠡ ᠶᠢ ᠭᠦᠭᠵᠢᠭᠡᠨ᠂ ᠲᠡᠭᠦᠨ ᠳᠤ ᠠᠵᠢᠯᠯᠠᠬᠤ ᠪᠤᠯ ᠵᠤᠯ ᠵᠢᠷᠭᠠᠯ ᠳᠤ ᠭᠦᠷᠳ᠋ᠩ ᠲᠠᠪᠴᠠᠩ ᠪᠤᠯᠤᠨ᠎ᠠ ᠭᠡᠳ᠋ᠩ ᠢ ᠤᠶᠢᠯᠠᠭᠠᠭᠤᠯᠵᠤ ᠪᠠᠶᠢᠵᠠᠢ᠃

ᠤᠳᠦ ᠨᠠᠯᠢᠶᠠᠳ ᠲᠦᠭᠡᠮᠡᠯ ᠤᠷᠤᠰᠢᠵᠤ ᠪᠠᠶᠢᠬᠤ ᠠᠰᠠᠭᠤᠳᠡᠯ ᠪᠤᠯ᠂ ᠨᠢᠭᠡ ᠪᠦᠯᠦᠭ ᠡᠴᠢᠭᠡᠴᠤᠳ ᠦᠪᠠᠷ ᠤᠨ ᠰᠤᠷᠭᠠᠨ ᠭᠦᠮᠤᠵᠢᠭᠦᠯᠭᠦ ᠬᠠᠷᠢᠭᠤᠴᠠᠯᠭ᠎ᠠ ᠪᠠᠨ ᠭᠦᠡᠭᠭᠡᠪᠴᠢᠯᠠᠨ ᠦᠵᠡᠭᠦ ᠪᠤᠶᠤ ᠬᠠᠶᠠᠨ ᠳᠤᠨᠢ ᠬᠠᠶᠠᠭᠰᠠᠨ ᠠᠴᠠ ᠭᠡᠤᠭᠡᠳ ᠤᠳ ᠡᠴᠢᠭᠡ ᠶᠢᠨ ᠢᠶᠠᠨ ᠭᠦᠮᠤᠵᠢᠯ ᠢ ᠭᠦᠷᠳᠡᠵᠤ ᠴᠢᠳᠠᠬᠤ ᠦᠭᠡᠢ ᠪᠠᠶᠢᠳᠡᠯ ᠭᠦᠠᠳᠦ ᠨᠤᠴᠢᠳᠡᠢ ᠤᠷᠤᠰᠢᠵᠤ ᠪᠤᠢ᠃ ᠡᠶᠢᠮᠤ ᠭᠡᠤᠭᠡᠳ ᠠᠮᠠᠷᠬᠠᠨ ᠭᠤᠳᠤᠷᠠᠩᠭᠤᠢ ᠰᠡᠳᠬᠢᠯ ᠲᠠᠢ ᠪᠤᠯᠬᠤ ᠪᠠ ᠪᠠᠶ᠎ᠠ ᠪᠠᠨ ᠲᠠᠭᠠᠭᠠᠬᠤ ᠴᠢᠨᠠᠷ ᠢᠶᠠᠷ ᠭᠦᠷᠤᠯᠴᠡᠭᠦ ᠦᠭᠡᠢ ᠪᠤᠯᠬᠤ ᠶᠤᠮ᠃ ᠲᠠᠶᠢᠮᠤ ᠪᠤᠯᠬᠤᠷ᠂ ᠡᠴᠢᠭᠡ ᠭᠦᠮᠤᠨ ᠰᠤᠷᠭᠠᠨ ᠭᠦᠮᠤᠵᠢᠯ ᠤᠨ ᠨᠢᠭᠡᠳᠤᠭᠡᠷ ᠹᠷᠤᠠᠲ ᠲᠤ ᠪᠠᠶ᠎ᠠ ᠪᠠᠷ ᠢᠶᠠᠨ ᠤᠷᠤᠯᠴᠠᠵᠤ᠂ ᠪᠠᠶ᠎ᠠ ᠪᠠᠷ ᠢᠶᠠᠨ ᠵᠢᠭᠠᠨ ᠵᠢᠯᠤᠭᠤᠳᠤᠪᠠᠯ ᠰᠠᠶ᠋ᠢ ᠭᠡᠤᠭᠡᠳ ᠢ ᠡᠷᠡᠭᠦᠯ ᠰᠠᠷᠠᠭᠤᠯ ᠭᠦᠮᠤᠠᠴᠢ ᠴᠢᠨᠠᠷ ᠪᠤᠯᠤᠨ ᠪᠠᠶ᠎ᠠ ᠪᠠᠨ ᠲᠠᠭᠠᠭᠠᠬᠤ ᠴᠢᠳᠠᠪᠤᠷᠢ ᠲᠠᠢ ᠪᠤᠯᠭᠠᠨ ᠭᠦᠮᠤᠵᠢᠭᠦᠯᠵᠤ ᠴᠢᠳᠡᠨ᠎ᠠ᠃

ᠢᠷᠡᠯᠲᠡ᠄      ᠨᠠᠶᠢᠷᠠᠭᠤᠯᠤᠭᠴᠢ᠄