home
home

    ᠮᠤᠩᠭᠤᠯᠴᠤᠳ ᠤᠨ ᠬᠡᠦᠭᠡᠳ ᠢᠶᠠᠨ ᠡᠷᠡᠯᠭᠡᠭ ᠪᠠᠭᠠᠳᠤᠷᠯᠢᠭ ᠰᠦᠰᠦ ᠵᠤᠷᠢᠭ ᠲᠠᠢ ᠪᠤᠯᠭᠠᠨ ᠬᠦᠮᠦᠵᠢᠭᠦᠯᠬᠦ

2016-08-29  20:19

ᠮᠤᠩᠭᠤᠯᠴᠤᠳ ᠲᠤ ᠮᠤᠩᠭᠤᠯ ᠮᠤᠷᠢᠨ ᠤ ᠰᠢᠨᠳᠠᠰᠤ ᠰᠢᠷᠪᠦᠰᠦ ᠬᠦᠴᠦ ᠴᠢᠳᠠᠯ ᠪᠠ ᠮᠤᠩᠭᠤᠯ ᠡᠷ᠎ᠠ ᠶᠢᠨ ᠡᠷᠡᠮᠡᠭᠡᠢ ᠵᠤᠷᠢᠭ ᠡᠷᠡᠯᠭᠡᠭ ᠰᠠᠨᠠᠭ᠎ᠠ ᠪᠠᠶᠢᠭᠰᠠᠨ ᠦᠭᠡᠢ ᠪᠤᠯ ᠲᠡᠯᠡᠭᠡᠢ ᠶᠢᠨ ᠲᠡᠦᠭᠡ ᠳᠤ ᠠᠭᠤᠤ ᠶᠡᠭᠡ ᠨᠡᠷ᠎ᠠ ᠠᠯᠳᠠᠷ ᠢ ᠦᠯᠡᠳᠡᠭᠡᠵᠤ ᠲᠡᠯᠡᠭᠡᠢ ᠶᠢ ᠲᠤᠩᠰᠤᠯᠭᠠᠭᠰᠠᠨ ᠲᠡᠦᠭᠡ ᠰᠤᠶᠤᠯ ᠢ ᠡᠭᠦᠳᠦᠨ ᠪᠦᠳᠦᠭᠡᠵᠤ ᠴᠢᠳᠠᠬᠤ ᠦᠭᠡᠢ ᠶᠤᠮ᠃

ᠡᠷᠳᠡᠨ ᠤ ᠷᠠᠰᠢᠳ᠋ ᠡᠳᠢᠾᠧᠨ ᠤ 《ᠰᠤᠳᠤᠷ ᠤᠨ ᠴᠤᠭᠯᠠᠭᠠᠨ》 ᠋ ᠭᠡᠳᠡᠭ ᠨᠤᠮ ᠳᠤ ᠪᠠᠶᠢᠭ᠎ᠠ 《ᠡᠷᠭᠦᠨ᠎ᠠ ᠬᠤᠨ ᠤ ᠲᠤᠮᠤᠭ》 ᠋ ᠪᠤᠯ ᠡᠷᠳᠡᠨ ᠤ ᠲᠦᠷᠺ ᠠᠶᠢᠮᠠᠭ ᠮᠤᠩᠭᠤᠯ ᠠᠶᠢᠮᠠᠭ ᠢ ᠢᠯᠠᠵᠤ ᠶᠡᠭᠡ ᠪᠠᠷ ᠬᠢᠳᠤᠯᠭ᠎ᠠ ᠬᠢᠭᠰᠡᠨ ᠢ ᠲᠡᠮᠳᠡᠭᠯᠡᠭᠰᠡᠨ ᠪᠠᠶᠢᠵᠠᠢ᠃ ᠡᠭᠦᠨ ᠤ ᠲᠤᠳᠤᠷ᠎ᠠ ᠠᠴᠠ ᠡᠷᠡᠯᠭᠡᠭ ᠪᠠᠭᠠᠳᠤᠷᠯᠢᠭ ᠰᠦᠰᠦ ᠵᠤᠷᠢᠭ ᠲᠠᠢ ᠬᠤᠶᠠᠷ ᠬᠤᠤᠰ ᠵᠢᠭᠤᠳᠠᠨ ᠲᠤᠳᠠᠭᠠᠵᠤ ᠪᠤᠶᠢᠳᠠ ᠪᠦᠭᠯᠡᠭᠦᠦ ᠬᠠᠳᠠᠨ ᠵᠠᠪᠰᠠᠷ ᠲᠤ ᠤᠷᠤᠵᠤ ᠠᠮᠢ ᠭᠠᠷᠤᠭᠰᠠᠨ ᠭᠡᠳᠡᠭ᠃ ᠡᠨᠡ ᠬᠦ ᠲᠦᠷᠪᠡᠨ ᠲᠠᠯ᠎ᠠ ᠪᠠᠷ ᠢᠶᠠᠨ ᠠᠰᠬ᠎ᠠ ᠦᠨᠳᠦᠷ ᠬᠠᠨ᠎ᠠ ᠬᠠᠳᠠ ᠪᠢᠳᠡᠭᠦᠦ ᠰᠠᠬᠤᠯᠢᠭ ᠤᠢ ᠰᠢᠭᠤᠢ ᠨᠢ ᠲᠡᠳᠡᠨ ᠤ ᠠᠮᠢᠳᠤᠷᠠᠨ ᠰᠠᠭᠤᠬᠤ ᠤᠷᠴᠢᠨ ᠪᠤᠯᠵᠠᠢ᠃ ᠲᠡᠷᠡ ᠬᠤᠶᠠᠷ ᠤᠨ ᠨᠢᠭᠡ ᠨᠢ ᠬᠢᠶᠠᠨ ᠤᠪᠤᠭ᠂ ᠨᠦᠬᠦᠭᠡ ᠨᠢ ᠨᠡᠭᠦᠰ ᠤᠪᠤᠭ ᠤᠨ ᠲᠡᠭᠡᠳᠦᠰ ᠶᠤᠮ᠃ ᠤᠨ ᠤᠳᠠᠵᠤ ᠡᠨᠡ ᠬᠤᠶᠠᠷ ᠤᠪᠤᠭ ᠤᠨ ᠬᠦᠮᠦᠰ ᠦᠷᠡᠵᠢᠨ ᠦᠰᠦᠭᠰᠡᠭᠡᠷ ᠲᠤᠰ ᠬᠠᠪᠴᠢᠯ ᠳᠤ ᠪᠠᠭᠳᠠᠬᠤ ᠪᠠᠨ ᠪᠤᠯᠢᠭᠰᠠᠨ ᠠᠴᠠ ᠲᠡᠳᠡ ᠠᠷᠭ᠎ᠠ ᠭᠠᠷᠭᠠᠵᠤ ᠲᠤᠰ ᠬᠠᠪᠴᠢᠯ ᠠᠴᠠ ᠭᠠᠷᠬᠤ ᠵᠠᠮ ᠡᠷᠢᠯᠬᠢᠯᠡᠭᠰᠡᠨ ᠪᠠᠶᠢᠨ᠎ᠠ᠃ ᠲᠡᠳᠡ ᠨᠢᠭᠡ ᠡᠳᠦᠷ ᠲᠠᠯᠠᠨ ᠦᠭᠡᠷ ᠮᠤᠷᠢ ᠶᠢᠨ ᠨᠡᠭᠦᠷᠡᠰᠦ ᠶᠢ ᠤᠪᠤᠭᠠᠯᠠᠨ ᠲᠠᠯᠠᠨ ᠬᠦᠭᠡᠷᠭᠡ ᠶᠢ ᠨᠢᠭᠡ ᠵᠡᠷᠭᠡ ᠪᠠᠷ ᠬᠦᠭᠡᠷᠭᠡᠳᠡᠨ ᠠᠭᠤᠯᠠ ᠶᠢ ᠬᠠᠶᠢᠯᠤᠭᠤᠯᠵᠤ ᠭᠠᠷᠴᠤ ᠢᠷᠡᠭᠰᠡᠨ ᠭᠡᠳᠡᠭ᠃ ᠡᠨᠡ ᠬᠦ ᠲᠤᠮᠤᠭ ᠨᠢ ᠡᠷᠡᠯᠭᠡᠭ ᠪᠠᠭᠠᠳᠤᠷᠯᠢᠭ ᠰᠦᠰᠦ ᠵᠤᠷᠢᠭ ᠲᠠᠢ ᠬᠢᠶᠠᠨ ᠤᠪᠤᠭ ᠤᠨ ᠡᠬᠢᠯᠡᠯ ᠪᠤᠯᠤᠨ᠎ᠠ᠃

ᠡᠷᠡᠯᠭᠡᠭ ᠪᠠᠭᠠᠳᠤᠷᠯᠢᠭ ᠰᠦᠰᠦ ᠵᠤᠷᠢᠭ ᠤᠷᠠᠨ ᠤᠬᠠᠭᠠᠯᠢᠭ ᠠᠷᠭ᠎ᠠ ᠰᠠᠮᠪᠠᠭ᠎ᠠ ᠰᠠᠶ᠋ᠢ ᠠᠯᠢᠪᠠ ᠶᠢ ᠢᠯᠠᠵᠤ ᠢᠯᠠᠯᠳᠠ ᠳᠤ ᠬᠦᠷᠴᠤ ᠴᠢᠳᠠᠨ᠎ᠠ ᠭᠡᠳᠡᠭ ᠢ ᠲᠤᠰ ᠲᠤᠮᠤᠭ ᠬᠠᠷᠠᠭᠤᠯᠵᠤ ᠪᠠᠶᠢᠬᠤ ᠶᠤᠮ᠃ ᠲᠡᠭᠡᠪᠡᠯ ᠴᠢᠩᠬᠢᠰ ᠬᠠᠭᠠᠨ ᠤ ᠰᠤᠷᠭᠠᠯ ᠦᠭᠡᠨ ᠳᠤ ᠴᠤ 《ᠬᠦᠨᠳᠦ ᠬᠡᠮᠡᠨ ᠪᠤᠤ ᠰᠢᠳᠠᠷᠠ ᠡᠷᠭᠦᠪᠡᠰᠦ ᠲᠠᠭᠠᠭᠠᠶᠤ᠂ ᠬᠤᠯᠠ ᠬᠡᠮᠡᠨ ᠪᠤᠤ ᠴᠦᠬᠦᠷᠡ ᠶᠠᠪᠤᠪᠠᠰᠤ ᠬᠦᠷᠦᠶᠤ》 ᠋ ᠭᠡᠬᠦ ᠦᠭᠡ ᠪᠠᠶᠢᠳᠠᠭ᠂ ᠡᠨᠡ ᠨᠢ ᠴᠢᠩᠬᠢᠰ ᠬᠠᠭᠠᠨ ᠤ ᠡᠷᠡᠯᠭᠡᠭ ᠪᠠᠭᠠᠳᠤᠷᠯᠢᠭ ᠰᠦᠰᠦ ᠵᠤᠷᠢᠭ ᠢ ᠬᠠᠷᠠᠭᠤᠯᠵᠤ ᠪᠠᠶᠢᠬᠤ ᠮᠦᠷᠳᠡᠭᠡᠨ ᠮᠠᠨ ᠤ ᠮᠤᠩᠭᠤᠯᠴᠤᠳ ᠤᠨ ᠪᠠᠷᠳᠠᠭ᠎ᠠ ᠪᠡᠷᠭᠡ ᠶᠢ ᠢᠯᠠᠬᠤ ᠪᠠᠭᠠᠳᠤᠷᠯᠢᠭ ᠰᠦᠰᠦ ᠵᠤᠷᠢᠭ ᠲᠠᠢ ᠯᠠ ᠶᠤᠮ ᠪᠤᠯ ᠵᠤᠷᠢᠭᠰᠠᠨ ᠳᠤ ᠪᠠᠨ ᠯᠠᠪ ᠬᠦᠷᠴᠤ ᠴᠢᠳᠠᠬᠤ ᠶᠢ ᠦᠵᠡᠭᠦᠯᠦᠭᠰᠡᠨ ᠠᠭᠤᠤ ᠶᠡᠭᠡ ᠰᠤᠷᠭᠠᠨ ᠬᠦᠮᠦᠵᠢᠯ ᠶᠤᠮ᠃

ᠮᠤᠩᠭᠤᠯ ᠬᠦᠮᠦᠨ ᠡᠷᠳᠡᠨ ᠠᠴᠠ ᠠᠪᠤᠭᠠᠳ ᠦᠪᠡᠷ ᠤᠨ ᠬᠦᠴᠦ ᠪᠠᠷ ᠢᠶᠠᠨ ᠲᠡᠭᠵᠢᠷᠡᠬᠦ ᠵᠤᠷᠢᠭ ᠰᠠᠨᠠᠭ᠎ᠠ ᠪᠤᠯᠤᠨ ᠡᠷᠡᠯᠭᠡᠭ ᠵᠤᠷᠢᠭ ᠮᠡᠷᠭᠡᠨ ᠤᠬᠠᠭᠠᠨ ᠢᠶᠠᠷ ᠢᠶᠠᠨ ᠦᠷ᠎ᠠ ᠬᠡᠦᠭᠡᠳ ᠢᠶᠠᠨ ᠰᠤᠷᠭᠠᠨ ᠬᠦᠮᠦᠵᠢᠭᠦᠯᠳᠡᠭ ᠦᠨᠳᠦᠰᠦᠳᠡᠨ ᠶᠤᠮ᠃  ᠮᠤᠩᠭᠤᠯ ᠤᠨ 《ᠡᠷ᠎ᠠ ᠶᠢᠨ ᠭᠤᠷᠪᠠᠨ ᠨᠠᠭᠠᠳᠤᠮ》 ᠋ ᠴᠤ ᠡᠷ᠎ᠠ ᠬᠦᠮᠦᠨ ᠤ ᠡᠷᠡᠯᠭᠡᠭ ᠵᠤᠷᠢᠭ᠂ ᠡᠷᠡᠮᠡᠭᠡᠢ ᠰᠠᠨᠠᠭ᠎ᠠ᠂ ᠤᠷ᠎ᠠ ᠤᠬᠠᠭᠠᠨ ᠢ ᠰᠢᠯᠭᠠᠵᠤ ᠪᠠᠶᠢᠭ᠎ᠠ ᠵᠦᠢᠯ ᠪᠤᠯᠬᠤ ᠶᠤᠮ᠃

ᠢᠷᠡᠯᠲᠡ᠄      ᠨᠠᠶᠢᠷᠠᠭᠤᠯᠤᠭᠴᠢ᠄