home
home

    ᠬᠠᠴᠢᠷᠬᠠᠯᠳᠠᠢ ᠰᠤᠷᠭᠠᠨ ᠬᠦᠮᠦᠵᠢᠯ

2016-08-29  21:47

ᠭᠧᠷᠮᠠᠨ ᠤ ᠰᠤᠷᠭᠠᠨ ᠬᠦᠮᠦᠵᠢᠯ

⒈ ᠭᠧᠷᠮᠡᠨ ᠤᠯᠤᠰ ᠤᠨ ᠬᠡᠦᠬᠡᠳ ᠤᠨ ᠴᠡᠴᠡᠷᠯᠢᠭ ᠨᠢ ᠠᠩᠬᠢ ᠬᠤᠪᠢᠶᠠᠳᠠᠭ ᠦᠭᠡᠢ ᠪᠠᠶᠢᠵᠦ᠂ ᠬᠡᠦᠭᠡᠳ ᠤᠳ ᠪᠦᠷ ᠴᠤᠭ ᠪᠠᠶᠢᠯᠴᠠᠳᠠᠭ᠃

⒉ ᠭᠧᠷᠮᠡᠠ ᠤᠯᠤᠰ ᠤᠨ ᠰᠤᠷᠭᠠᠭᠤᠯᠢ ᠨᠢ ᠪᠦᠷ ᠬᠠᠭᠠᠰ ᠡᠳᠦᠷ ᠤᠨ ᠲᠦᠷᠢᠮ ᠢᠶᠠᠷ ᠬᠢᠴᠢᠶᠡᠯᠯᠡᠵᠦ᠂ ᠦᠳᠡ ᠶᠢᠨ ᠬᠤᠶᠢᠨ᠎ᠠ ᠬᠢᠴᠢᠶᠠᠯ ᠤᠷᠤᠳᠠᠭ ᠦᠭᠡᠢ᠂ ᠵᠦᠪᠭᠡᠨ ᠬᠢᠴᠢᠶᠠᠯ ᠤᠨ ᠭᠠᠳᠠᠨᠠᠬᠢ ᠬᠦᠳᠡᠯᠭᠡᠭᠡᠨ ᠪᠠᠶᠢᠳᠠᠭ᠃

⒊ ᠠᠩᠭ᠍ᠯᠢ ᠭᠡᠯᠡ ᠶᠢ ᠭᠤᠷᠪᠠᠳᠤᠭᠠᠷ ᠤᠨ ᠠᠴᠠ ᠰᠠᠶ᠋ᠢ ᠡᠬᠢᠯᠡᠵᠦ ᠰᠤᠷᠳᠠᠭ᠃

⒋ ᠪᠠᠭ᠎ᠠ ᠰᠤᠷᠭᠠᠭᠤᠯᠢ ᠶᠢ ᠲᠦᠷᠪᠡ ᠤᠨ ᠳᠤ ᠪᠠᠨ ᠲᠡᠭᠦᠰᠳᠡᠭ᠃ ᠪᠠᠭᠰᠢ ᠶᠢᠨ ᠰᠤᠩᠭᠤᠨ ᠲᠠᠨᠢᠯᠴᠠᠭᠤᠯᠤᠭᠰᠠᠨ ᠢ ᠦᠨᠳᠦᠰᠤᠯᠡᠵᠦ ᠰᠤᠷᠭᠠᠭᠤᠯᠢ ᠲᠠᠪᠰᠢᠨ᠂ ᠮᠡᠷᠭᠡᠵᠢᠯ ᠰᠤᠷᠤᠯᠴᠠᠬᠤ ᠪᠤᠶᠤ ᠲᠤᠮᠳᠠ ᠵᠡᠷᠭᠡ ᠶᠢᠨ ᠲᠤᠰᠬᠠᠢ ᠮᠡᠷᠭᠡᠵᠢᠯ ᠰᠤᠷᠤᠯᠴᠠᠨ ᠴᠢᠨᠠᠭᠰᠢ ᠶᠡᠭᠡ ᠰᠤᠷᠭᠠᠭᠤᠯᠢ ᠳᠤ ᠲᠠᠪᠰᠢᠵᠤ ᠲᠡᠶᠢᠯᠬᠦ ᠨᠡᠶᠢᠭᠡᠮ ᠪᠠ ᠪᠠᠶᠢᠭᠠᠯᠢ ᠶᠢᠨ ᠰᠢᠨᠵᠢᠯᠡᠬᠦ ᠤᠬᠠᠭᠠᠨ ᠤ ᠲᠤᠮᠳᠠᠳᠤ ᠰᠤᠷᠭᠠᠭᠤᠯᠢ ᠳᠤ ᠰᠤᠷᠤᠯᠴᠠᠳᠠᠭ᠃ ᠶᠡᠭᠡ ᠰᠤᠷᠭᠠᠭᠤᠯᠢ ᠳᠤ ᠲᠠᠪᠰᠢᠭᠰᠠᠨ ᠨᠤᠷᠮ᠎ᠠ ᠲᠤᠮᠳᠠᠳᠤ ᠤᠯᠤᠰ ᠤᠨ ᠬᠢᠷᠢ ᠦᠨᠳᠦᠷ ᠪᠢᠰᠢ᠃

⒌ ᠶᠡᠭᠡ ᠰᠤᠷᠭᠠᠭᠤᠯᠢ ᠶᠢᠨ ᠵᠢᠩᠬᠢᠨᠢ ᠠᠩᠬᠢ ᠭᠡᠵᠤ ᠪᠠᠶᠢᠳᠠᠭ ᠦᠭᠡᠢ (ᠬᠤᠵᠢᠮ ᠨᠢ ᠡᠸᠦ᠋ᠷᠦᠫᠡ ᠶᠢᠨ ᠬᠤᠯᠪᠤᠭ᠎ᠠ ᠶᠢᠨ ᠱᠠᠭᠠᠷᠳᠠᠯᠭ᠎ᠠ ᠪᠠᠷ ᠨᠢᠭᠡ ᠪᠦᠯᠦᠭ ᠵᠠᠰᠠᠯᠳᠠ ᠬᠢᠪᠡ)᠂ ᠡᠰᠡᠬᠦᠯ᠎ᠠ  ᠠᠰᠫᠢᠷᠠᠨᠲ ᠰᠤᠷᠤᠯᠴᠠᠳᠠᠭ᠃

⒍ ᠦᠢᠯᠡᠳᠦᠯᠭᠡ ᠶᠢᠨ ᠬᠢᠴᠢᠶᠡᠯᠯᠡᠭᠡ ᠶᠢ ᠬᠦᠨᠳᠦᠳᠭᠡᠵᠦ᠂ ᠭᠡᠶᠢᠰᠪᠦᠷᠢ ᠲᠤᠭᠠᠨ ᠤ ᠤᠬᠠᠭᠠᠨ ᠢ ᠰᠤᠷᠬᠤ ᠠᠬᠢᠴᠨ ᠨᠢ ᠲᠤᠮᠳᠠᠳᠤ ᠤᠯᠤᠰ ᠠᠴᠠ ᠠᠳᠠᠭ ᠲᠤ ᠪᠠᠨ ᠬᠤᠶᠠᠷ ᠵᠢᠯ ᠤᠷᠤᠢ ᠪᠠᠶᠢᠳᠠᠭ᠃

ᠲᠤᠮᠳᠠᠳᠤ ᠶᠢᠨ ᠰᠤᠷᠭᠠᠨ ᠬᠦᠮᠦᠵᠢᠯ

⒈ ᠬᠡᠦᠬᠡᠳ ᠤᠨ ᠴᠡᠴᠡᠷᠯᠢᠭ ᠢ ᠲᠦᠪᠯᠡᠷᠡᠬᠦᠯᠵᠦ᠂  ᠬᠡᠦᠬᠡᠳ ᠠᠷᠠᠢ ᠲᠠᠪᠤ ᠬᠦᠷᠦᠮᠡᠭᠴᠨ ᠠᠪᠤ ᠡᠵᠢ ᠠᠴᠠ ᠪᠠᠨ ᠰᠠᠯᠵᠦ ᠪᠠᠶᠢᠷᠢ ᠳᠤ ᠰᠠᠭᠤᠳᠠᠭ᠃

⒉ ᠪᠦᠬᠦᠯᠢ ᠡᠳᠦᠷ ᠤᠨ ᠲᠦᠷᠢᠮ ᠢᠶᠠᠷ ᠬᠢᠴᠢᠶᠡᠯᠯᠡᠵᠦ᠂ ᠦᠷᠯᠦᠭᠡ ᠤᠷᠤᠢ ᠴᠦᠮ ᠲᠠᠪᠳᠠᠯᠭ᠎ᠠ ᠤᠷᠤᠳᠠᠭ᠂ ᠡᠪᠦᠯ ᠤᠨ ᠦᠷᠯᠦᠭᠡ ᠬᠠᠷᠠᠩᠭᠤᠢ ᠪᠠᠷ ᠲᠠᠪᠳᠠᠯᠭ᠎ᠠ ᠤᠷᠤᠳᠠᠭ ᠪᠤᠯᠬᠤᠷ ᠪᠠᠭ᠎ᠠ ᠰᠤᠷᠭᠠᠭᠤᠯᠢ ᠶᠢᠨ ᠰᠤᠷᠤᠭᠴᠢᠳ ᠨᠤᠶᠢᠷᠮᠤᠭ ᠢᠶᠠᠷ ᠢᠶᠠᠨ ᠰᠤᠷᠭᠠᠭᠤᠯᠢ ᠳᠤ  ᠪᠠᠨ ᠶᠠᠪᠤᠳᠠᠭ᠃

⒊ ᠬᠤᠤᠰ ᠬᠡᠯᠡᠨ ᠤ ᠰᠤᠷᠭᠠᠨ ᠬᠦᠮᠦᠵᠢᠯ ᠢ ᠬᠦᠨᠳᠤᠳᠭᠡᠵᠦ᠂ ᠬᠡᠦᠬᠡᠳ ᠰᠤᠷᠭᠠᠭᠤᠯᠢ ᠳᠤ ᠤᠷᠤᠮᠠᠭᠴᠨ  ᠭᠠᠳᠠᠭᠠᠳᠤ ᠬᠡᠯᠡ ᠲᠠᠢ ᠬᠠᠷᠢᠯᠴᠠᠵᠤ᠂  ᠭᠤᠷᠪᠠ ᠤᠨ ᠪᠤᠯᠤᠮᠠᠭᠴᠨ ᠬᠠᠷᠢ ᠬᠡᠯᠡ ᠰᠤᠷᠤᠯᠴᠠᠳᠠᠭ᠃  ᠲᠡᠶᠢᠮᠦ ᠪᠤᠯᠬᠤᠷ ᠡᠭᠡ ᠭᠡᠯᠡ ᠪᠠᠨ ᠰᠤᠷᠬᠤ ᠳᠤ ᠶᠠᠪᠤᠬᠤ ᠲᠤᠳᠤᠮ ᠬᠦᠴᠢᠷᠳᠡᠳᠡᠭ᠃

⒋ ᠤᠤᠯ ᠳᠤ ᠪᠠᠨ ᠪᠠᠭ᠎ᠠ ᠰᠤᠷᠭᠠᠭᠤᠯᠢ ᠨᠢ ᠲᠠᠪᠤᠨ ᠤᠨ ᠳᠤ ᠲᠠᠬᠦᠰᠳᠡᠭ᠂ ᠦᠭᠡᠷᠡᠴᠢᠯᠡᠯᠳᠡ ᠶᠢᠨ ᠲᠠᠷᠠᠭ᠎ᠠ ᠵᠢᠷᠭᠤᠭ᠎ᠠ ᠤᠨ ᠪᠤᠯᠤᠭᠠᠳ ᠰᠠᠶ᠋ᠢ ᠪᠠᠭ᠎ᠠ ᠰᠤᠷᠭᠠᠭᠤᠯᠢ ᠲᠡᠬᠦᠰᠳᠡᠭ᠃ ᠪᠦᠬᠦ ᠲᠠᠯ᠎ᠠ ᠶᠢᠨ ᠬᠦᠭᠵᠢᠯᠳᠠ ᠶᠢ ᠬᠦᠨᠳᠦᠳᠭᠡᠨ᠎ᠠ ᠭᠡᠵᠤ ᠬᠤᠷᠠᠯ ᠪᠤᠯᠭᠠᠨ ᠳᠤ ᠤᠷᠠᠶᠢᠯᠠᠳᠠᠭ ᠪᠤᠯᠪᠠᠴᠦ ᠬᠠᠮᠤᠭ ᠡᠴᠦᠰ ᠲᠤ ᠪᠠᠨ ᠰᠤᠷᠤᠯᠭ᠎ᠠ ᠶᠢᠨ ᠬᠢᠷᠢ ᠪᠦᠳᠦᠮᠵᠢ ᠪᠠᠷ ᠯᠡ ᠪᠠᠷᠢᠮᠵᠢᠶ᠎ᠠ ᠪᠤᠯᠭᠠᠳᠠᠭ᠃

⒌ ᠶᠡᠭᠡ ᠰᠤᠷᠭᠠᠭᠤᠯᠢ ᠳᠤ ᠤᠷᠤᠬᠤ ᠨᠢ ᠪᠠᠭ᠎ᠠ ᠰᠤᠷᠭᠠᠭᠤᠯᠢ ᠳᠤ ᠤᠷᠤᠬᠤ ᠠᠴᠠ ᠠᠮᠠᠷᠬᠠᠨ᠃ ᠬᠤᠳᠤᠭᠤᠷ ᠲᠦᠬᠦᠷᠡᠩ ᠤᠶᠤᠳᠠᠨ᠂ᠬᠦᠷᠢᠶ᠎ᠠ ᠲᠦᠬᠦᠷᠡᠩ ᠠᠰᠫᠢᠷᠠᠨᠲ ᠪᠠᠶᠢᠳᠠᠭ᠂  ᠭᠡᠪᠡᠴᠦ ᠲᠤᠰᠬᠠᠢ ᠮᠡᠷᠭᠡᠵᠢᠯ ᠢᠶᠠᠨ ᠭᠡᠷᠡᠭᠯᠡᠵᠦ  ᠠᠯᠪᠠᠨ ᠠᠵᠢᠯ ᠤᠯᠳᠠᠭ ᠨᠢ ᠡᠳᠦᠷ  ᠤᠨ ᠤᠳᠤ᠂ ᠵᠠᠭᠤᠨ ᠤ ᠶᠠᠷᠠ ᠠᠴᠠ ᠲᠡᠭᠡᠭᠰᠢᠬᠢ ᠨᠢ ᠤᠯᠠᠭᠠᠨ ᠢ ᠰᠤᠷᠴᠦ ᠨᠤᠭᠤᠭᠠᠨ ᠳᠤ ᠠᠵᠢᠯᠯᠠᠳᠠᠭ᠃

⒍ ᠠᠮᠤᠷ ᠲᠦᠪᠰᠢᠨ ᠢ ᠬᠦᠨᠳᠦᠳᠭᠡᠵᠦ᠂ ᠰᠤᠷᠤᠭᠴᠢ ᠶᠢ ᠰᠤᠷᠭᠠᠭᠤᠯᠢ ᠶᠢᠨ ᠬᠦᠷᠢᠶᠠᠨ ᠠᠴᠠ ᠭᠠᠷᠭᠠᠳᠠᠭ ᠦᠭᠡᠢ᠂ ᠦᠢᠯᠡᠳᠦᠯᠭᠡ  ᠶᠢᠨ ᠬᠢᠴᠢᠶᠡᠯ ᠢ ᠨᠡᠭᠡᠭᠡᠭᠰᠡᠨ ᠮᠠᠲ᠋ᠧᠷᠢᠶᠠᠯ ᠬᠤᠷᠭᠤ ᠲᠦᠬᠦᠷᠡᠩ ᠪᠠᠶᠢᠳᠠᠭ ᠴᠦ ᠬᠤᠪᠴᠠᠰᠤ ᠪᠠᠨ ᠤᠬᠢᠶᠠᠵᠤ ᠴᠢᠳᠠᠳᠠᠭ ᠦᠭᠡᠢ᠂ ᠭᠡᠷ ᠴᠠᠪᠡᠷᠯᠡᠵᠦ ᠴᠢᠳᠠᠳᠠᠭ ᠦᠭᠡᠢ ᠭᠡᠦᠬᠡᠳ ᠵᠠᠬ᠎ᠠ ᠠᠴᠠ ᠲᠠᠷᠠᠭᠠᠯᠠᠨ ᠪᠠᠶᠢᠳᠠᠭ᠃

⒎ ᠲᠤᠭᠠᠨ ᠤ ᠬᠢᠴᠢᠶᠠᠯ ᠢ ᠮᠠᠰᠢ ᠬᠦᠨᠳᠦᠳᠭᠡᠵᠦ ᠦᠵᠡᠳᠡᠭ᠂ ᠰᠤᠷᠤᠭᠴᠢ ᠶᠢ ᠴᠦᠮ ᠬᠤᠸᠠ ᠯᠦᠸᠧ ᠭᠧᠩ᠂ ᠴᠧᠨ ᠵᠢᠩ ᠷᠦᠨ ᠰᠢᠭ ᠲᠤᠭᠠᠨ ᠤ ᠤᠬᠠᠭᠠᠨᠳᠠᠨ ᠪᠤᠯᠭᠠᠬᠤ ᠪᠠᠷ ᠴᠢᠷᠮᠠᠶᠢᠳᠠᠭ᠃ ᠬᠤᠵᠢᠮ ᠨᠢ ᠲᠤᠭᠠᠨ ᠳᠤ ᠪᠠᠨ ᠪᠦᠳᠦᠨ ᠳ᠋ᠦᠩ ᠠᠪᠳᠠᠭ ᠪᠠᠶᠢᠭᠰᠠᠨ ᠬᠡᠦᠬᠡᠳ ᠨᠠᠶᠢᠭᠡᠮ ᠤᠨ ᠰᠢᠨᠵᠢᠯᠡᠬᠦ ᠤᠬᠠᠭᠠᠨ ᠤ ᠠᠵᠢᠯ ᠬᠢᠵᠦ ᠶᠠᠳᠠᠷᠠᠯᠳᠠᠢ ᠠᠵᠢᠯᠯᠠᠳᠠᠭ᠃

⒏ ᠪᠠᠭᠰᠢ ᠰᠤᠷᠤᠭᠴᠢ ᠶᠢᠨ ᠬᠠᠷᠢᠴᠠᠭ᠎ᠠ ᠲᠤᠩ ᠰᠡᠷᠭᠡᠭ᠂  《ᠮᠠᠭᠤ ᠬᠦᠮᠦᠨ ᠢ ᠮᠤᠳᠤ ᠪᠠᠷ》 ᠋ ᠭᠡᠬᠦ ᠭᠡᠪᠰᠢᠭᠰᠡᠨ ᠭᠡᠯᠡ ᠪᠠᠶᠢᠳᠠᠭ ᠴᠦ ᠰᠤᠷᠤᠭᠴᠢ ᠶᠢ ᠵᠤᠳᠤᠬᠤ ᠪᠠᠶᠢᠳᠤᠭᠠᠢ ᠬᠠᠳᠠᠭᠤ ᠵᠠᠩᠳᠤᠷᠴᠦ ᠴᠦ ᠪᠤᠯᠳᠠᠭ ᠦᠭᠡᠢ᠂ ᠭᠡᠷ ᠤᠨ ᠠᠬᠠᠮᠠᠳ ᠢᠷᠡᠭᠡᠳ ᠰᠤᠷᠭᠠᠭᠤᠯᠢ ᠶᠢᠨ ᠬᠦᠷᠢᠶᠠᠨ ᠳᠤ ᠬᠦᠨᠳᠡᠯᠡᠨ ᠭᠡᠪᠳᠡᠬᠦ ᠠᠴᠠ ᠪᠤᠴᠠᠬᠤ ᠦᠭᠡᠢ᠂ ᠬᠠᠯᠳᠤᠰᠬᠢᠪᠡᠯ ᠵᠠᠭᠠᠯᠳᠤᠯᠭ᠎ᠠ ᠶᠢᠨ ᠤᠳᠠᠰᠤ ᠪᠠᠷ ᠲᠡᠭᠡᠭᠰᠢ ᠲᠤᠰᠬᠠᠵᠤ ᠲᠠᠩᠰᠠᠯᠠᠭᠤᠯᠤᠨ᠎ᠠ᠃

⒐ 《ᠬᠦᠳᠡᠯᠮᠦᠷᠢᠯᠡᠭᠰᠡᠨ ᠤ ᠬᠢᠨᠢ ᠬᠢᠷᠢ ᠪᠠᠷ ᠬᠤᠪᠢᠶᠠᠷᠢᠯᠠᠬᠤ》 ᠋ ᠦᠷ᠎ᠡ ᠪᠦᠳᠦᠮᠵᠢᠳᠦ ᠴᠠᠯᠢᠩ ᠤᠨ ᠲᠦᠷᠢᠮ ᠭᠠᠷᠴᠦ ᠢᠷᠡᠭᠰᠡᠨ ᠪᠤᠯᠪᠠᠴᠦ᠂ ᠬᠦᠯᠦᠰᠦ ᠤᠯᠭᠤᠮᠵᠢ ᠦᠨᠳᠦᠷ ᠪᠢᠰᠢ᠂ ᠰᠦᠯᠵᠢᠶᠠᠨ ᠢᠷᠭᠡᠳ ᠤᠨ ᠱᠤᠭᠯᠠᠳᠠᠭ 《ᠲᠡᠬᠢᠶᠠᠨ ᠠᠴᠠ ᠡᠷᠳᠡ ᠪᠤᠰᠴᠦ᠂ ᠨᠤᠬᠠᠢ ᠠᠴᠠ ᠤᠷᠤᠢ ᠠᠮᠠᠷᠠᠳᠠᠭ》 ᠋ ᠵᠠᠬᠢᠷᠤᠯ᠂ ᠡᠷᠬᠢᠯᠡᠭᠴᠢ ᠶᠢᠨ ᠨᠦᠬᠦᠪᠦᠷᠢ ᠨᠢ ᠰᠤᠷᠭᠠᠭᠤᠯᠢ ᠭᠡᠷ ᠤᠨ ᠬᠤᠭᠤᠷᠤᠨᠳᠤ ᠲᠠᠪᠬᠢᠭᠰᠠᠨ ᠮᠠᠰᠢᠨ ᠤ ᠲᠤᠰᠤᠨ ᠳᠤ ᠴᠦ ᠪᠠᠨ ᠬᠦᠷᠬᠦ ᠦᠭᠡᠢ ᠪᠠᠶᠢᠳᠠᠭ᠃

⒑ 《ᠪᠦᠬᠦ ᠲᠠᠯ᠎ᠠ ᠶᠢᠨ ᠴᠢᠳᠠᠪᠤᠷᠢᠳᠠᠨ ᠢ ᠬᠦᠮᠦᠵᠢᠬᠦᠯᠦᠨ᠎ᠠ 》 ᠋ ᠭᠡᠵᠦ ᠬᠠᠰ ᠲᠠᠮᠠᠭ᠎ᠠ ᠲᠠᠢ ᠤᠯᠠᠭᠠᠨ ᠲᠤᠯᠤᠭᠠᠢ ᠲᠠᠢ ᠠᠯᠪᠠᠨ ᠪᠢᠴᠢᠭ ᠵᠢᠯ ᠠᠯᠤᠰᠯᠠᠬᠤ ᠦᠭᠡᠢ ᠪᠠᠭᠤᠳᠠᠭ ᠪᠤᠯᠪᠠᠴᠦ᠂ ᠬᠦᠳᠡᠭᠡ ᠲᠤᠰᠬᠤᠨ ᠤ ᠰᠤᠷᠭᠠᠭᠤᠯᠢ ᠳᠤ ᠲᠤᠰᠬᠠᠢ ᠮᠡᠷᠭᠡᠵᠢᠯ ᠲᠠᠬᠦᠰᠦᠭᠰᠡᠨ ᠲᠠᠭᠤᠤ᠂ ᠵᠢᠷᠤᠭ᠂ ᠲᠠᠮᠢᠷ ᠤᠨ ᠪᠠᠭᠰᠢ ᠲᠤᠳᠠᠬᠤ ᠪᠠᠷ ᠪᠠᠨ ᠲᠤᠳᠠᠵᠤ ᠯᠡ ᠪᠠᠶᠢᠳᠠᠭ᠂ ᠵᠠᠷᠢᠮ ᠨᠢ ᠬᠡᠳᠦᠨ ᠵᠢᠯ ᠢᠶᠠᠷ ᠦᠷᠬᠦᠯᠵᠢᠯᠡᠳᠡᠭ᠃

ᠢᠷᠡᠯᠲᠡ᠄      ᠨᠠᠶᠢᠷᠠᠭᠤᠯᠤᠭᠴᠢ᠄