home
home

    ᠮᠤᠩᠭᠤᠯ ᠭᠡᠷ ᠤᠨ ᠡᠬᠦᠰᠦᠭᠰᠡᠨ ᠳᠤᠮᠤᠭ

2016-08-29  21:59

ᠡᠷᠳᠡ ᠤᠷᠢᠳᠤ ᠶᠢᠨ ᠴᠠᠭ ᠲᠤ ᠬᠦᠬᠡ ᠴᠡᠩᠬᠡᠷ ᠳᠡᠭᠡᠪᠦᠷ ᠲᠠᠢ᠂ ᠬᠦᠷᠦᠰᠦᠲᠦ ᠨᠤᠭᠤᠭᠠᠨ ᠳᠡᠪᠢᠰᠬᠡᠷ ᠲᠠᠢ᠂ ᠤᠷᠴᠢᠯᠠᠩ ᠳᠡᠯᠡᠬᠡᠢ ᠬᠡᠮᠡᠬᠦ ᠤᠭᠤᠰᠦᠷ ᠪᠦᠴᠡ ᠦᠭᠡᠢ ᠨᠢᠭᠡᠨ ᠶᠡᠭᠡ ᠭᠡᠷ ᠲᠤ ᠬᠦᠮᠤᠨ ᠠᠮᠢᠲᠠᠨ ᠪᠦᠭᠦᠳᠡᠭᠡᠷ ᠢᠶᠠᠨ ᠠᠮᠢᠳᠦᠷᠠᠳᠠᠭ ᠪᠠᠶᠢᠵᠠᠢ᠃ ᠳᠡᠭᠡᠭᠡᠳ ᠨᠢᠭᠡ ᠡᠳᠦᠷ ᠬᠦᠮᠦᠨ ᠠᠮᠢᠳᠠᠨ ᠬᠤᠭᠤᠷᠤᠨᠳᠦ ᠪᠠᠨ ᠮᠠᠭᠤᠳᠠᠯᠴᠠᠵᠦ᠂ ᠬᠦᠴᠦᠲᠠᠢ ᠨᠢ ᠬᠦᠴᠦ ᠦᠭᠡᠢ ᠪᠠᠨ ᠪᠠᠷᠢᠵᠤ ᠢᠳᠡᠬᠦ ᠳᠤ ᠬᠦᠷᠦᠭᠰᠡᠨ ᠳᠤ ᠳᠡᠳᠡᠨᠤᠰ ᠬᠤᠪᠢ ᠬᠤᠪᠢ ᠪᠠᠨ ᠬᠦᠬᠡᠬᠡᠵᠦ᠂ ᠵᠠᠷᠢᠮ ᠨᠢ ᠭᠠᠵᠠᠷ ᠨᠦᠬᠡᠯᠡᠨ ᠰᠢᠷᠭᠤᠯᠠᠵᠦ᠂ ᠵᠠᠷᠢᠮ ᠨᠢ ᠮᠤᠳᠤᠨ ᠤ ᠤᠷᠤᠢ ᠳᠤ ᠭᠡᠷ ᠢᠶᠠᠨ ᠪᠠᠷᠢᠵᠠᠭᠠᠭᠰᠠᠨ ᠭᠡᠨ᠎ᠠ᠃

ᠲᠡᠷᠡ ᠦᠶ᠎ᠠ ᠳᠤ ᠨᠠᠰᠤᠨ ᠦᠨᠳᠦᠷ ᠪᠤᠯᠲᠠᠯ᠎ᠠ ᠪᠠᠨ ᠤᠬᠠᠭᠠᠨ ᠠᠴᠠ ᠦᠬᠡᠷ᠎ᠠ ᠦᠪ ᠬᠤᠷᠢᠶᠠᠭ᠎ᠠ ᠦᠭᠡᠢ ᠨᠢᠭᠡ ᠡᠪᠦᠭᠡᠨ ᠪᠠᠶᠢᠵᠠᠢ᠃ ᠨᠢᠭᠡᠨ ᠡᠳᠤᠷ ᠳᠤᠯᠣᠭᠠᠨ ᠬᠦᠪᠡᠬᠦᠨ ᠳᠤ ᠪᠠᠨ᠄ 《ᠶᠡᠭᠡ ᠭᠡᠷ ᠤᠨ ᠦᠯᠢᠭᠡᠷ ᠢᠶᠠᠷ ᠪᠠᠭ᠎ᠠ ᠭᠡᠷ ᠢ ᠪᠠᠷᠢᠵᠣ ᠪᠣᠯᠣᠨ᠎ᠠ》 ᠋ ᠬᠡᠰᠡᠨ ᠳᠤ ᠬᠦᠪᠡᠭᠦᠳ ᠨᠢ ᠪᠣᠳᠣᠭᠠᠳ ᠪᠣᠳᠣᠭᠠᠳ ᠣᠴᠢᠷ ᠢ ᠦᠯᠦ ᠣᠯᠪᠠ ᠭᠡᠨ᠎ᠡ᠃ ᠡᠪᠦᠭᠡᠨ ᠬᠠᠨᠠᠷᠠᠨ ᠬᠦᠷᠢᠶᠡᠯᠡᠭᠰᠡᠨ ᠡᠷᠬᠢᠨ ᠲᠣᠭᠤᠷᠢᠨ ᠤ ᠠᠭᠤᠯᠠᠰ ᠢ ᠲᠠᠭᠤᠷᠢᠶᠠᠵᠦ ᠪᠣᠷᠭᠠᠰᠣᠨ ᠬᠠᠨ᠎ᠠ ᠬᠢᠵᠦ᠂ ᠴᠠᠰᠣ ᠰᠢᠭᠤᠷᠭᠠᠨ ᠳᠤ ᠬᠠᠭᠠᠭᠳᠠᠳᠠᠭ᠂ ᠴᠠᠭ ᠤᠨ ᠰᠠᠶᠢᠬᠠᠨ ᠳᠤ ᠨᠡᠭᠡᠭᠡᠭᠳᠡᠳᠡᠭ ᠃ ᠡᠮᠦᠨ᠎ᠡ ᠶᠢᠨ ᠬᠠᠪᠴᠢᠯ ᠠᠴᠠ ᠰᠠᠨᠠᠭ᠎ᠠ ᠠᠪᠴᠣ ᠬᠠᠭᠠᠯᠭ᠎ᠠ ᠣᠷᠠᠯᠠᠨ᠂ ᠦᠳᠡ ᠶᠢᠨ ᠨᠠᠷᠠᠨ ᠢᠶᠠᠷ ᠲᠣᠭᠤᠨᠣ᠂ ᠠᠯᠳᠠᠨ ᠰᠠᠴᠣᠷᠠᠭ ᠢᠶᠠᠷ ᠣᠨᠢ᠂ ᠠᠭᠤᠯᠠ ᠶᠢᠨ ᠠᠷᠣ ᠳᠤ ᠣᠷᠭᠤᠭᠰᠠᠨ ᠮᠠᠨᠠᠨ ᠪᠣᠳᠠᠩ ᠢᠶᠠᠷ ᠲᠣᠭᠤᠷᠭ᠎ᠠ᠂ ᠲᠡᠭᠡᠭᠦᠷ ᠪᠦᠷᠭᠦᠭᠰᠡᠨ ᠵᠣᠵᠠᠭᠠᠨ ᠡᠭᠦᠯᠡᠰ ᠢᠶᠠᠷ ᠲᠡᠭᠡᠪᠦᠷ ᠬᠢᠵᠦ᠂ ᠪᠠᠰᠠ ᠲᠦᠰᠢᠯᠳᠦᠨ ᠬᠠᠩᠬᠠᠶᠢᠭᠰᠠᠨ ᠠᠭᠤᠯᠠ ᠨᠢᠷᠣᠭᠤᠳ ᠤᠨ ᠠᠷᠣ ᠦᠪᠦᠷ ᠢᠶᠠᠷ ᠶᠡᠭᠡ ᠰᠠᠯᠬᠢ ᠡᠷᠴᠢᠯᠡᠨ ᠡᠷᠬᠢᠵᠣ ᠪᠠᠶᠢᠭ᠎ᠠ ᠳ᠋ᠠ ᠬᠡᠵᠣ ᠪᠤᠳᠤᠨ ᠬᠢᠯᠭᠠᠰᠣ ᠲᠠᠮᠣᠵᠣ ᠪᠦᠰᠡᠯᠡᠭᠦᠷ ᠬᠢᠪᠠ᠃

ᠲᠡᠭᠡᠭᠡᠳ ᠡᠪᠦᠭᠡᠨ ᠲᠣᠯᠣᠭᠠᠨ ᠭᠦᠦ ᠲᠠᠢ ᠪᠠᠨ ᠬᠠᠨ᠎ᠠ ᠪᠠᠨ ᠲᠡᠯᠭᠡᠵᠣ᠂ ᠬᠠᠭᠠᠯᠭ᠎ᠠ ᠪᠠᠨ ᠪᠣᠰᠬᠠᠵᠣ᠂ ᠲᠣᠭᠤᠨᠣ ᠪᠠᠨ ᠡᠭᠦᠷᠴᠣ᠂ ᠣᠨᠢ ᠪᠠᠨ ᠡᠯᠭᠦᠵᠣ᠂ ᠲᠣᠭᠤᠷᠭ᠎ᠠ ᠪᠠᠨ ᠪᠠᠷᠢᠵᠣ᠂ ᠲᠡᠭᠡᠪᠦᠷ ᠢᠶᠠᠨ ᠲᠠᠯᠪᠢᠵᠣ᠂ ᠪᠦᠰᠡᠯᠡᠭᠦᠷ ᠢᠶᠠᠨ ᠲᠠᠳᠠᠭᠠᠳ ᠪᠦᠮᠪᠦᠷᠴᠡᠭ ᠬᠡᠯᠪᠡᠷᠢ ᠲᠠᠢ ᠪᠦᠮᠪᠦᠭᠡᠷ ᠴᠠᠭᠠᠨ ᠭᠡᠷ ᠲᠠᠢ ᠪᠣᠯᠪᠠ ᠭᠡᠨ᠎ᠡ᠃

ᠢᠷᠡᠯᠲᠡ᠄      ᠨᠠᠶᠢᠷᠠᠭᠤᠯᠤᠭᠴᠢ᠄