home
home

    ᠬᠠᠨ ᠠᠭᠤᠯᠠ ᠪᠠᠭ᠎ᠠ ᠰᠤᠷᠭᠠᠭᠤᠯᠢ ᠭᠢᠯᠪᠠᠭᠠᠨ ᠢ ᠲᠡᠮᠵᠢᠨ ᠲᠣᠰᠠᠯᠠᠬᠤ ᠠᠵᠢᠯᠯᠠᠭᠠᠨ ᠦᠷᠨᠢᠭᠦᠯᠪᠡ

2016-08-30  11:08

2015-09-29-58781a782b-4fe9-4dd3-9a48-56e3ef8c63e1 2015-09-29-05ea2379df-1914-4f75-9d1b-267b014c1245

《ᠡᠬᠡ ᠰᠠᠶᠢᠬᠠᠨ ᠲᠡᠯᠡᠬᠡᠢ ᠪᠠᠨ ᠡᠯᠢᠭᠡ ᠪᠥᠳᠥᠨ ᠪᠠᠶᠢᠭᠠᠰᠠᠢ ᠭᠡᠵᠣ ᠡᠨᠡ ᠲᠡᠯᠡᠬᠡᠢ ᠳᠤ ᠣᠷᠣᠰᠢᠨ ᠠᠮᠢᠳᠣᠷᠠᠵᠣ ᠪᠥᠬᠦᠢ ᠬᠥᠮᠥᠨ ᠲᠥᠷᠥᠯᠬᠢᠳᠡᠨ ᠠᠴᠠ ᠲᠡᠷᠢᠭᠦᠯᠡᠨ ᠠᠮᠢ ᠲᠠᠢ ᠭᠤᠣᠯ ᠲᠠᠢ ᠪᠥᠬᠦᠨ ᠬᠥᠰᠡᠨ ᠲᠠᠭᠠᠳᠬᠠᠳᠠᠭ! ᠲᠡᠶᠢᠮᠣ ᠡ᠂ ᠠᠵᠠ ᠪᠤᠰᠤ ᠤᠴᠠᠷᠠᠯ  ᠳᠤ ᠲᠤᠬᠢᠶᠠᠯᠳᠤᠭᠰᠠᠨ ᠵᠠᠶᠠᠭ᠎ᠠ ᠨᠢᠮᠭᠡᠨ ᠨᠢᠭᠡ ᠶᠢ ᠪᠠᠨ ᠦᠷᠦᠪᠴᠢᠬᠡᠨ ᠰᠡᠳᠬᠢᠯ ᠳᠤ ᠪᠠᠨ ᠪᠠᠭᠳᠠᠭᠠᠵᠦ ᠶᠠᠪᠣᠬᠤ ᠭᠡᠭᠴᠢ ᠨᠢ ᠬᠥᠮᠥᠨ ᠲᠥᠷᠥᠯᠬᠢᠳᠡᠨ ᠤ ᠪᠠᠰᠠ ᠨᠢᠭᠡ ᠡᠷᠬᠢᠮ ᠲᠡᠭᠡᠳᠣ ᠠᠷᠠᠨᠰᠢᠨ ᠭᠡᠯᠳᠡᠢ!》 ᠋ 2015 ᠣᠨ ᠤ 9 ᠰᠠᠷ᠎ᠠ ᠶᠢᠨ 28  ᠋  ᠋ ᠤ ᠦᠳᠡ ᠶᠢᠨ ᠡᠮᠣᠨ᠎ᠡ ᠬᠠᠨ ᠠᠭᠤᠯᠠ ᠪᠠᠭ᠎ᠠ ᠰᠣᠷᠭᠠᠭᠤᠯᠢ ᠶᠢᠨ ᠪᠠᠭᠰᠢ ᠰᠣᠷᠣᠭᠴᠢᠳ ᠲᠠᠮᠢᠷ ᠤᠨ ᠲᠠᠯᠠᠪᠣᠷ ᠲᠤ ᠪᠠᠨ ᠣᠷᠳᠣ ᠠᠴᠠ ᠣᠷᠳᠣ ᠮᠥᠷᠯᠡᠨ ᠵᠢᠭᠰᠠᠵᠣ᠂ ᠴᠢᠪᠠᠭ᠎ᠠ ᠮᠣᠩᠭᠤᠯ ᠲᠣᠮᠳᠠᠳᠣ ᠰᠣᠷᠭᠠᠭᠤᠯᠢ ᠶᠢᠨ ᠰᠣᠷᠣᠭᠴᠢ ᠭᠢᠯᠪᠠᠭᠠᠨ ᠢ ᠲᠣᠰᠠᠯᠠᠬᠤ ᠠᠵᠢᠯᠯᠠᠭᠠᠨ ᠢᠶᠠᠨ ᠡᠷᠴᠢᠮᠳᠡᠢ ᠶᠠᠪᠣᠭᠳᠠᠭᠤᠯᠪᠠ᠃ ᠭᠢᠯᠪᠠᠭᠠᠨ ᠪᠣᠯ ᠴᠢᠪᠠᠭ᠎ᠠ ᠮᠣᠩᠭᠤᠯ ᠲᠣᠮᠳᠠᠳᠣ ᠰᠣᠷᠭᠠᠭᠤᠯᠢ ᠶᠢᠨ ᠭᠤᠷᠪᠠᠳᠣᠭᠠᠷ ᠣᠨ ᠤ ᠰᠣᠷᠣᠭᠴᠢ᠂ ᠬᠠᠷᠠᠬᠠᠨ ᠪᠠᠭ᠎ᠠ ᠠᠴᠠ  ᠪᠠᠨ ᠡᠵᠢ ᠠᠴᠠ ᠪᠠᠨ ᠦᠨᠣᠴᠢᠷᠠᠨ ᠬᠤᠴᠣᠷᠴᠣ᠂ ᠡᠮᠡᠭᠡ ᠪᠣᠯᠣᠨ ᠠᠪᠤ ᠲᠠᠢ ᠪᠠᠨ ᠵᠥᠳᠡᠭᠦᠬᠡᠨ ᠪᠣᠯᠪᠠᠴᠣ ᠬᠠᠯᠠᠭᠤᠨ ᠪᠥᠯᠢ ᠲᠠᠢ ᠠᠮᠢᠳᠣᠷᠠᠵᠣ ᠪᠠᠶᠢᠭᠰᠠᠨ ᠢᠶᠠᠨ ᠵᠣᠨ ᠤ ᠠᠮᠠᠷᠠᠯᠳᠠ ᠳᠤ ᠠᠪᠤ ᠪᠠᠨ ᠬᠠᠪᠰᠣᠷᠣᠨ ᠠᠵᠢᠯ ᠬᠢᠵᠣ ᠪᠠᠶᠢᠭᠠᠳ ᠰᠠᠨᠠᠮᠰᠠᠷ ᠦᠭᠡᠢ ᠭᠡᠷ ᠤᠨ ᠣᠷᠣᠢ ᠠᠴᠠ ᠦᠢᠴᠢᠭᠠᠳ ᠲᠠᠷᠢᠬᠢ ᠨᠢ ᠭᠡᠮᠳᠣᠵᠣ᠂ ᠬᠡᠳᠣᠨ ᠰᠠᠷ᠎ᠠ ᠮᠡᠳᠡᠭᠡ ᠰᠡᠭᠡᠭᠡ ᠦᠭᠡᠢ ᠡᠮᠨᠡᠯᠭᠡ ᠳᠤ ᠬᠡᠪᠳᠡᠵᠣ᠂ ᠡᠮᠨᠡᠯᠭᠡ ᠶᠢᠨ ᠨᠥᠰᠡᠷ ᠰᠥᠢᠳᠭᠡᠯ ᠨᠢ ᠡᠨᠡᠬᠦ ᠵᠥᠳᠡᠭᠦᠬᠡᠨ ᠠᠮᠢᠳᠣᠷᠠᠯ ᠲᠠᠢ ᠠᠶᠢᠯ ᠢ ᠠᠮᠢᠰᠬᠤᠬᠤ ᠶᠢᠨ ᠵᠠᠢ ᠦᠭᠡᠢ ᠪᠣᠯᠭᠠᠵᠣ᠂ ᠦᠷᠭᠦᠯᠵᠢᠯᠡᠨ ᠡᠮᠨᠡᠬᠦ  ᠳᠤ ᠬᠥᠴᠢᠷ ᠪᠣᠯᠣᠭᠰᠠᠨ ᠪᠠᠶᠢᠨ᠎ᠠ᠂ ᠡᠨᠡᠬᠦ ᠵᠣᠯ ᠪᠣᠰᠣ ᠴᠢᠮᠡᠭᠡ ᠶᠢ ᠰᠣᠨᠣᠰᠣᠭᠰᠠᠨ ᠬᠠᠨ ᠠᠭᠤᠯᠠ ᠪᠠᠭ᠎ᠠ ᠰᠣᠷᠭᠠᠭᠤᠯᠢ ᠶᠢᠨ ᠪᠠᠭᠰᠢ ᠰᠣᠷᠣᠭᠴᠢᠳ ᠪᠢᠴᠢᠬᠠᠨ ᠭᠢᠯᠪᠠᠭᠠᠨ ᠢ ᠲᠣᠰᠠᠯᠠᠬᠤ ᠪᠠᠷ ᠭᠠᠷ ᠭᠠᠷ ᠢᠶᠠᠨ ᠬᠤᠯᠪᠣᠵᠣ ᠬᠠᠯᠠᠭᠤᠨ ᠭᠠᠷ ᠢᠶᠠᠨ ᠰᠣᠩᠭᠠᠨ ᠦᠪᠡᠷ ᠦᠪᠡᠷ  ᠤᠨ ᠬᠠᠳᠠᠭᠠᠯᠠᠮᠵᠢ ᠶᠢᠨ ᠰᠠᠪᠠ ᠪᠠᠨ ᠭᠥᠪᠢᠵᠣ ᠲᠠᠪᠣᠨ ᠲᠥᠭᠦᠷᠢᠭ᠂ ᠠᠷᠪᠠᠨ ᠲᠥᠭᠦᠷᠢᠭ᠂ ᠵᠠᠭᠤᠨ ᠲᠥᠭᠦᠷᠢᠭ ᠁ ᠢᠶᠠᠷ ᠬᠤᠷᠠᠮᠳᠣᠭᠤᠯᠣᠭᠰᠠᠨ ᠨᠠᠶᠢᠳᠡ ᠨᠢᠭᠡ ᠲᠦᠮᠡ ᠨᠠᠢᠮᠠᠨ ᠮᠢᠩᠭᠠᠨ ᠲᠥᠭᠦᠷᠢᠭ ᠵᠣᠭᠤᠰ ᠴᠣᠭᠯᠠᠭᠤᠯᠣᠨ ᠲᠣᠰᠠᠯᠠᠨ ᠲᠡᠮᠵᠢᠵᠣ᠂ ᠰᠣᠷᠣᠭᠴᠢ ᠭᠢᠯᠪᠠᠭᠠᠨ ᠢ ᠡᠷᠳᠡ ᠨᠢᠭᠡᠨ ᠡᠳᠣᠷ ᠡᠷᠡᠭᠦᠯᠵᠢᠵᠣ ᠡᠬᠡ ᠰᠣᠷᠭᠠᠭᠤᠯᠢ ᠳᠠᠭᠠᠨ ᠪᠣᠴᠠᠨ ᠰᠣᠷᠣᠯᠴᠠᠬᠤ ᠶᠢ ᠪᠣᠳᠠᠳᠣ ᠦᠢᠯᠡ ᠠᠵᠢᠯᠯᠠᠭ᠎ᠠ  ᠪᠠᠷ ᠢᠶᠠᠨ ᠬᠥᠰᠡᠨ ᠵᠥᠩᠨᠡᠭᠰᠡᠨ ᠪᠠᠶᠢᠨ᠎ᠠ᠃

ᠢᠷᠡᠯᠲᠡ᠄      ᠨᠠᠶᠢᠷᠠᠭᠤᠯᠤᠭᠴᠢ᠄