home
home

    ᠲᠡᠯᠡᠬᠡᠢ ᠶᠢᠨ ᠭᠤᠴᠢᠨ ᠲᠠᠪᠣᠳᠣᠭᠠᠷ ᠣᠳᠠᠭᠠᠨ ᠤ ᠢᠷᠠᠭᠤ ᠨᠠᠶᠢᠷᠠᠭᠴᠢᠳ ᠤᠨ ᠶᠡᠭᠡ ᠬᠤᠷᠠᠯ ᠲᠠᠶᠢᠸᠠᠨ ᠳᠤ ᠪᠤᠯᠵᠤ ᠦᠩᠬᠡᠷᠠᠯ᠎ᠠ

2016-10-01  18:29

11 ᠰᠠᠷ᠎ᠠ ᠶᠢᠨ 5 — 11᠎ ᠤ ᠡᠳᠣᠷ᠂ ᠲᠡᠯᠡᠬᠡᠢ ᠶᠢᠨ ᠭᠤᠴᠢᠨ ᠲᠠᠪᠣᠳᠣᠭᠠᠷ ᠬᠤᠭᠤᠴᠠᠭᠠᠨ ᠤ ᠢᠷᠠᠭᠤ ᠨᠠᠶᠢᠷᠠᠭᠴᠢᠳ ᠤᠨ ᠴᠤᠭᠯᠠᠭᠠᠨ ᠲᠠᠶᠢᠸᠠᠨ ᠤ ᠭᠤᠷᠪᠠᠨ ᠬᠤᠳᠠ ᠳᠤ ᠶᠠᠪᠤᠭᠳᠠᠪᠠ᠃ ᠴᠤᠭᠯᠠᠭᠠᠨ ᠳᠤ᠂ ᠳᠤᠮᠳᠠᠳᠤ ᠤᠯᠤᠰ ᠠᠴᠠ 19 ᠢᠷᠠᠭᠤ ᠨᠠᠶᠢᠷᠠᠭᠴᠢ ᠤᠷᠤᠯᠴᠠᠵᠤ᠂ ᠦᠪᠤᠷ ᠮᠤᠩᠭᠤᠯ ᠠᠴᠠ ᠠᠯᠠᠱᠠ ᠨᠤᠳᠤᠭᠳᠠᠢ ᠲᠠᠭᠤᠳᠠᠭᠠᠴᠢ ᠡᠩᠬᠡᠬᠠᠳᠠ᠂ ᠮᠣᠩᠭᠤᠯ ᠣᠯᠣᠰ᠂ ᠶᠠᠫᠣᠨ᠂ ᠰᠢᠩᠭᠠᠫᠣᠷ᠂ ᠡᠨᠡᠳᠬᠡᠭ᠂ ᠮᠠᠯᠠᠶᠢᠰᠢᠶ᠎ᠠ᠂ ᠹᠠᠷᠠᠨᠼᠢ᠂ ᠭᠧᠷᠮᠠᠨ᠂ ᠳᠣᠮᠳᠠᠳᠣ ᠣᠯᠣᠰ ᠵᠡᠷᠬᠡ 27 ᠣᠯᠣᠰ ᠤᠨ 150 ᠭᠠᠷᠣᠢ ᠢᠷᠠᠭᠤ ᠨᠠᠶᠢᠷᠠᠭᠴᠢᠳ ᠣᠷᠣᠯᠴᠠᠪᠠ᠃

ᠴᠤᠭᠯᠠᠭᠠᠨ ᠤ ᠬᠤᠭᠤᠴᠠᠭᠠᠨ ᠳᠤ ᠮᠣᠩᠭᠤᠯ ᠦᠨᠳᠣᠰᠣᠲᠠᠨ ᠤ ᠠᠯᠳᠠᠷᠳᠣ ᠢᠷᠠᠭᠤ ᠨᠠᠶᠢᠷᠠᠭᠴᠢ ᠰᠢ᠊ · ᠮᠦᠷᠡᠨ ᠳᠣᠰᠬᠠᠶᠢᠯᠠᠨ ᠢᠷᠡᠵᠣ ᠰᠢᠯᠦᠭ ᠢᠶᠠᠨ ᠣᠩᠰᠢᠭᠰᠠᠨ ᠪᠠᠶᠢᠨ᠎ᠠ᠃ ᠪᠠᠰᠠ ᠮᠣᠩᠭᠤᠯ ᠤᠯᠤᠰ ᠤᠨ ᠢᠷᠠᠭᠤ ᠨᠠᠶᠢᠷᠠᠭᠴᠢᠳ ᠤᠨ ᠨᠣᠮ ᠤᠨ ᠨᠡᠬᠡᠬᠡᠯᠲᠠ᠂ ᠣᠷᠠᠨ ᠪᠢᠴᠢᠯᠬᠡ ᠶᠢᠨ ᠦᠵᠡᠰᠬᠦᠯᠡᠩ᠂ ᠱᠤᠭ ᠵᠢᠷᠤᠭ ᠤᠨ ᠦᠵᠡᠰᠬᠦᠯᠡᠩ ᠲᠠᠶᠢᠪᠸᠢ ᠬᠤᠳᠠ ᠳᠤ ᠳᠡᠯᠬᠡᠭᠳᠡᠵᠣ᠂ ᠡᠬᠦᠨ ᠤ ᠳᠠᠰᠢᠷᠠᠮ ᠢᠶᠠᠷ ᠲᠠᠶᠢᠸᠠᠨ᠂ ᠮᠣᠩᠭᠤᠯ ᠬᠤᠶᠠᠷ ᠣᠯᠣᠰ ᠤᠨ ᠢᠷᠠᠭᠤ ᠨᠠᠶᠢᠷᠠᠭᠴᠢᠳ ᠤᠨ ᠰᠢᠯᠦᠭ ᠤᠨ ᠣᠷᠠᠨ ᠣᠩᠰᠢᠯᠭ᠎ᠠ ᠶᠢᠨ ᠡᠳᠦᠷᠯᠢᠭ ᠲᠠᠶᠢᠸᠠᠨ ᠤ ᠣᠯᠣᠰ ᠤᠨ ᠨᠣᠮ ᠤᠨ ᠰᠠᠩ ᠳᠤ ᠶᠠᠪᠤᠭᠳᠠᠵᠠᠢ᠃ ᠪᠦᠬᠦ ᠣᠷᠣᠯᠴᠠᠭᠰᠠᠨ ᠢᠷᠠᠭᠤ ᠨᠠᠶᠢᠷᠠᠭᠴᠢᠳ ᠦᠪᠡᠷ ᠤᠨ ᠨᠣᠮ ᠢᠶᠠᠨ ᠪᠡᠯᠡᠭᠯᠡᠬᠦ ᠳᠤ ᠡᠩᠬᠡᠬᠠᠳᠠ ᠴᠤ ᠦᠪᠡᠷ ᠤᠨ ᠢᠶᠠᠨ 《ᠣᠶᠠᠭᠠᠨ ᠤ ᠵᠦᠬᠡᠯᠡᠨ ᠰᠢᠷᠣᠢ》 ᠋᠂ 《ᠠᠷᠭᠠᠯᠢ ᠶᠢᠨ ᠠᠴᠢᠶ᠎ᠠ》 ᠋᠂ 《 ᠣᠯᠠᠨᠪᠣᠯᠠᠭ ᠤᠨ ᠴᠣᠪᠣᠭ᠎ᠠ》 ᠋ ᠭᠤᠷᠪᠠᠨ ᠨᠣᠮ ᠢᠶᠠᠨ ᠪᠡᠯᠡᠭᠯᠡᠪᠡ᠃ ᠡᠬᠦᠨ ᠠᠴᠠ ᠭᠠᠳᠠᠨ᠎ᠠ᠂ ᠲᠤᠰ ᠴᠤᠭᠯᠠᠭᠠᠨ ᠳᠤ ᠣᠷᠣᠯᠴᠠᠭᠰᠠᠨ ᠢᠷᠠᠭᠤ ᠨᠠᠶᠢᠷᠠᠭᠴᠢᠳ ᠤᠨ ᠰᠢᠯᠦᠭ ᠤᠨ ᠪᠦᠲᠦᠬᠡᠯ ᠢ ᠡᠮᠬᠢᠳᠬᠡᠭᠰᠡᠨ ᠲᠡᠬᠦᠪᠣᠷᠢ ᠳᠤ ᠡᠩᠬᠡᠬᠠᠳᠠ ᠶᠢᠨ 《ᠬᠠᠷᠠᠬᠤᠷᠢᠨ ᠤ ᠨᠦᠢᠲᠠᠨ ᠰᠠᠷᠠ》 ᠋᠂ 《ᠵᠠᠭᠤᠨ ᠮᠣᠳᠣᠨ ᠤ ᠨᠠᠪᠴᠢ》 ᠋ ᠬᠡᠮᠡᠬᠦ ᠬᠤᠶᠠᠷ ᠰᠢᠯᠦᠭ ᠠᠩᠭ᠍ᠯᠢ ᠬᠡᠯᠡ ᠪᠠᠷ ᠣᠷᠣᠭᠰᠠᠨ ᠶᠣᠮ᠃ ᠲᠠᠷᠠᠴᠢᠯᠠᠨ ᠡᠩᠬᠡᠬᠠᠳᠠ ᠡᠨᠡ ᠣᠳᠠᠭᠠᠨ ᠤ ᠴᠤᠭᠯᠠᠭᠠᠨ ᠳᠤ ᠵᠣᠷᠢᠭᠤᠯᠵᠣ ᠬᠤᠷᠢᠭᠠᠳ ᠰᠢᠯᠦᠭ ᠢ ᠪᠠᠭᠳᠠᠭᠠᠭᠰᠠᠨ 《ᠡᠩᠬᠡᠬᠠᠳᠠ ᠶᠢᠨ ᠢᠷᠠᠭᠤ ᠨᠠᠶᠢᠷᠠᠭ》 ᠋ ᠬᠡᠰᠡᠨ ᠰᠢᠨ᠎ᠠ ᠨᠣᠮ ᠢᠶᠠᠨ ᠮᠣᠩᠭᠤᠯ᠂ ᠠᠩᠭ᠍ᠯᠢ᠂ ᠬᠢᠳᠡᠳ ᠬᠡᠯᠡ ᠪᠠᠷ ᠬᠡᠪᠯᠡᠬᠦᠯᠵᠣ᠂ ᠡᠯ᠎ᠠ ᠲᠦᠯᠦᠬᠡᠯᠡᠭᠴᠢ ᠳᠤ ᠲᠦᠬᠡᠬᠡᠵᠦ ᠦᠭᠬᠦᠭᠰᠡᠨ ᠪᠢᠯᠠ᠃

《ᠪᠢ ᠬᠤᠶᠠᠳᠡᠬᠢ ᠤᠳᠠᠭ᠎ᠠ ᠡᠨᠡ ᠬᠤᠷᠠᠯ ᠳᠤ ᠤᠷᠤᠯᠴᠠᠵᠤ ᠪᠠᠶᠢᠭ᠎ᠠ ᠶᠤᠮ᠃ ᠡᠨᠡ ᠤᠳᠠᠭᠠᠨ ᠤ ᠴᠤᠭᠯᠠᠭᠠᠨ ᠨᠢ ᠭᠤᠤᠯᠳᠠᠭᠤ (ᠲᠠᠯᠠᠢ ᠲᠡᠩᠬᠢᠰ ᠲᠠᠬᠢ ᠣᠴᠠᠷᠠᠯ · ᠰᠢᠯᠦᠭ ᠤᠨ ᠠᠮᠢ ᠨᠠᠰᠣᠨ ᠤ ᠬᠡᠷᠡᠯ ᠬᠡᠬᠡ) ᠬᠡᠬᠦ ᠰᠡᠳᠣᠪ ᠢᠶᠠᠷ ᠶᠠᠪᠣᠭᠳᠠᠵᠤ᠂ ᠴᠤᠭᠯᠠᠭᠠᠨ ᠤ ᠬᠤᠭᠤᠴᠠᠭᠠᠨ ᠳᠤ ᠢᠷᠠᠭᠤ ᠨᠠᠶᠢᠷᠠᠭᠴᠢᠳ ᠨᠤᠮᠤᠬᠠᠨ ᠳᠠᠯᠠᠢ ᠶᠢᠨ ᠬᠦᠪᠡᠬᠡᠨ ᠳᠤ ᠨᠠᠷᠠ ᠵᠢᠷᠭᠠᠬᠤ ᠶᠢ ᠬᠠᠷᠠᠵᠣ ᠢᠷᠠᠭᠤ ᠨᠠᠶᠢᠷᠠᠭ ᠢᠶᠠᠨ ᠣᠩᠰᠢᠭᠰᠠᠨ᠃ ᠪᠢ (ᠭᠠᠭᠴᠠᠭᠠᠷᠳᠠᠯ)᠂ (ᠮᠣᠩᠭᠤᠯ ᠤᠨ ᠨᠢᠭᠤᠴᠠ ᠳᠣᠪᠴᠢᠶ᠎ᠠ) ᠬᠤᠶᠠᠷ ᠰᠢᠯᠦᠭ ᠢᠶᠠᠨ ᠣᠯᠠᠨ ᠬᠡᠯᠡᠲᠡᠨ ᠤ ᠢᠷᠠᠭᠤ ᠨᠠᠶᠢᠷᠠᠭᠴᠢᠳ ᠤᠨ ᠳᠣᠮᠳᠠ ᠮᠣᠩᠭᠤᠯ ᠢᠶᠠᠷ ᠢᠶᠠᠨ ᠣᠩᠰᠢᠭᠰᠠᠨ᠂ ᠳᠣᠰᠬᠠᠢ ᠳᠣᠬᠢᠷᠠᠭᠤᠯᠣᠭᠰᠠᠨ ᠣᠷᠴᠢᠭᠤᠯᠣᠭᠴᠢ ᠠᠩᠭ᠍ᠯᠢ ᠬᠡᠯᠡ ᠪᠠᠷ ᠪᠦᠬᠦ ᠣᠷᠣᠯᠴᠠᠭᠴᠢ ᠳᠤ ᠣᠷᠴᠢᠭᠤᠯᠵᠣ ᠣᠩᠰᠢᠵᠠᠢ》 ᠋ ᠬᠡᠵᠤ ᠡᠩᠬᠡᠬᠠᠳᠠ ᠶᠠᠷᠢᠵᠤ ᠪᠠᠶᠢᠯ᠎ᠠ᠃

ᠲᠡᠯᠡᠬᠡᠢ ᠶᠢᠨ ᠢᠷᠠᠭᠤ ᠨᠠᠶᠢᠷᠠᠭ ᠤᠨ ᠴᠤᠭᠯᠠᠭᠠᠨ ᠢ 1969 ᠤᠨ ᠳᠤ ᠵᠤᠬᠢᠶᠠᠨ ᠪᠠᠶᠢᠭᠤᠯᠵᠤ᠂ 1996 ᠤᠨ ᠤ 16 ᠳ᠋ᠤᠭᠠᠷ ᠬᠤᠭᠤᠴᠠᠭ᠎ᠠ ᠠᠴᠠ ᠡᠬᠢᠯᠠᠨ ᠵᠢᠯ ᠪᠤᠯᠭᠠᠨ ᠡᠷᠬᠢᠯᠡᠬᠦ ᠪᠤᠯᠵᠤ᠂ ᠤᠳᠤᠬᠠᠨ ᠳᠤ ᠨᠢᠬᠡᠨᠳᠠ 25 ᠤᠯᠤᠰ ᠪᠤᠯᠤᠨ ᠭᠠᠵᠡᠷ ᠤᠷᠤᠨ ᠳᠤ ᠡᠷᠬᠢᠯᠡᠵᠤ ᠦᠩᠬᠡᠷᠡᠵᠠᠢ᠃ ᠦᠩᠬᠡᠷᠡᠭᠰᠡᠡ ᠵᠢᠯ ᠤᠳ ᠲᠤ ᠤᠷᠤᠯᠴᠠᠭᠰᠠᠠ ᠬᠦᠮᠤᠨ ᠤ ᠳᠤᠭ᠎ᠠ 7000᠎ ᠶᠢ ᠲᠠᠪᠠᠵᠤ᠂ ᠲᠠᠪᠤᠨ ᠶᠡᠭᠡ ᠲᠢᠪ ᠤᠨ 100 ᠭᠠᠷᠤᠢ ᠤᠯᠤᠰ ᠪᠤᠯᠤᠨ ᠭᠠᠵᠡᠷ ᠤᠷᠤᠨ ᠤ ᠲᠡᠯᠡᠬᠡᠢ ᠶᠢᠨ ᠰᠢᠯᠦᠭ ᠤᠨ ᠲᠠᠪᠴᠠᠩ ᠳᠤ ᠳᠤᠩ ᠶᠡᠭᠡ ᠨᠦᠯᠦᠬᠡ ᠳᠤᠰᠬᠠᠯ ᠲᠠᠢ ᠴᠤᠭᠯᠠᠭᠠᠨ ᠪᠤᠯᠤᠭᠰᠠᠠ ᠪᠠᠶᠢᠨ᠎ᠠ᠃

ᠢᠷᠡᠯᠲᠡ᠄      ᠨᠠᠶᠢᠷᠠᠭᠤᠯᠤᠭᠴᠢ᠄