home
home

    ᠪᠣᠷᠬᠠᠨ ᠬᠠᠯᠳᠤᠨ ᠠᠭᠤᠯᠠ ᠶᠢ ᠲᠡᠯᠡᠬᠡᠢ ᠶᠢᠨ ᠦᠪ ᠲᠤ ᠪᠦᠷᠢᠳᠭᠡᠭᠰᠡᠨ ᠪᠠᠲᠤᠯᠠᠮᠵᠢ ᠶᠢ ᠦᠭᠭᠦᠯ᠎ᠡ

2016-10-01  18:34

ᠪᠦᠭᠦᠳᠡ ᠨᠠᠶᠢᠷᠠᠮᠳᠠᠬᠤ ᠹᠷᠠᠨᠼᠢ ᠣᠯᠤᠰ ᠤᠨ ᠨᠡᠶᠢᠰᠯᠡᠯ ᠫᠠᠷᠢᠰ ᠬᠤᠲᠠᠨ᠎ᠠ ᠪᠤᠯᠵᠤ ᠪᠤᠢ ᠠᠭᠤᠷ ᠠᠮᠢᠰᠬᠤᠯ ᠤᠨ ᠦᠭᠡᠷᠡᠴᠢᠯᠡᠯᠲᠡ ᠶᠢᠨ ᠠᠰᠠᠭᠤᠳᠠᠯ ᠢᠶᠠᠷ ᠨᠢᠬᠡᠳᠤᠭ᠍ᠰᠡᠨ ᠦᠨᠳᠤᠰᠤᠲᠡᠨ ᠤ ᠪᠠᠶᠢᠭᠤᠯᠤᠯᠭ᠎ᠠ ᠶᠢᠨ ᠰᠠᠭᠤᠷᠢ ᠺᠤᠨᠸᠧᠨ᠋ᠼ ᠤᠨ ᠲᠠᠯ᠎ᠠ  ᠨᠤᠭᠤᠳ ᠤᠨ ᠪᠠᠭ᠎ᠠ ᠬᠤᠷᠠᠯ ᠤᠨ ᠲᠦᠷᠦ ᠵᠠᠰᠠᠭ ᠤᠨ ᠲᠡᠷᠢᠭᠦᠨ ᠨᠠᠷ ᠤᠨ ᠬᠤᠷᠠᠯᠳᠣᠭᠠᠨ ᠳᠤ ᠣᠷᠤᠯᠴᠠᠵᠤ ᠪᠤᠢ ᠮᠣᠩᠭᠤᠯ ᠣᠯᠤᠰ ᠤᠨ ᠶᠡᠷᠦᠩᠬᠡᠶᠢᠯᠡᠭᠴᠢ ᠴ᠊᠂ ᠡᠯᠪᠡᠭᠳᠤᠷᠵᠢ ᠳᠤ ᠪᠣᠷᠬᠠᠨ ᠬᠠᠯᠳᠤᠨ ᠠᠭᠤᠯᠠ᠂ ᠲᠡᠭᠦᠨ ᠢ ᠬᠦᠷᠢᠶᠡᠯᠡᠭᠰᠡᠨ ᠲᠠᠬᠢᠯᠭᠠᠲᠤ ᠭᠠᠵᠠᠷ ᠨᠣᠲᠤᠭ  ᠢ ᠲᠡᠯᠡᠬᠡᠢ ᠶᠢᠨ ᠦᠪ ᠲᠤ ᠪᠦᠷᠢᠳᠭᠡᠭᠰᠡᠨ ᠪᠠᠳᠤᠯᠠᠮᠵᠢ ᠪᠢᠴᠢᠭ ᠢ ᠶᠤᠨᠧᠰᠺᠤ ᠶᠢᠨ ᠶᠡᠷᠦᠩᠬᠡᠢ ᠵᠠᠬᠢᠷᠣᠯ ᠢ᠊᠂ ᠪᠤᠺᠤᠸᠠ ᠭᠠᠷᠳᠠᠭᠤᠯᠪᠠ᠃

ᠮᠣᠩᠭᠤᠯ ᠣᠯᠤᠰ ᠤᠨ ᠶᠡᠷᠦᠩᠬᠡᠶᠢᠯᠡᠭᠴᠢ ᠦᠨᠳᠦᠰᠦᠲᠡᠨ ᠤ ᠪᠠᠨ ᠦᠪ ᠰᠣᠶᠣᠯ ᠢ ᠬᠠᠳᠠᠭᠠᠯᠠᠵᠤ ᠬᠠᠮᠠᠭᠠᠯᠠᠬᠤ᠂ ᠰᠤᠷᠳᠠᠯᠴᠢᠯᠠᠨ ᠲᠠᠨᠢᠭᠤᠯᠬᠤ ᠡᠭᠦᠳᠡᠨ ᠠᠴᠠ 2010 ᠣᠨ ᠤ 9 ᠳ᠋ᠦ᠋ᠭᠡᠷ ᠰᠠᠷ᠎ᠠ ᠶᠢᠨ 20᠎ ᠤ ᠡᠳᠦᠷ ᠪᠣᠷᠬᠠᠨ ᠬᠠᠯᠳᠤᠨ ᠠᠭᠤᠯᠠ᠂ ᠲᠡᠭᠦᠨ ᠢ ᠬᠦᠷᠢᠶᠡᠯᠡᠭᠰᠡᠨ ᠭᠠᠵᠠᠷ ᠨᠣᠲᠤᠭ ᠤᠨ ᠪᠠᠶᠢᠭᠠᠯᠢ ᠶᠢᠨ ᠪᠤᠯᠤᠨ ᠰᠤᠶᠤᠯ ᠤᠨ ᠬᠤᠣᠰ ᠦᠭᠡᠢ ᠭᠠᠶᠢᠬᠠᠮᠰᠢᠭᠳᠦ ᠦᠨ᠎ᠡ ᠴᠡᠨ᠎ᠡ ᠶᠢ ᠲᠣᠳᠣᠷᠬᠠᠶᠢᠯᠠᠵᠦ᠂ ᠲᠡᠯᠡᠬᠡᠢ ᠶᠢᠨ ᠦᠪ ᠳᠤ ᠪᠦᠷᠢᠳᠬᠡᠭᠦᠯᠬᠦ ᠲᠤᠬᠠᠢ ᠵᠠᠷᠯᠢᠭ ᠭᠠᠷᠭᠠᠭᠰᠠᠨ ᠪᠦᠭᠡᠳ ᠡᠶᠢᠨᠬᠦ 5 ᠵᠢᠯ ᠤᠨ ᠳᠠᠷᠠᠭ᠎ᠠ ᠶᠡᠷᠦᠩᠬᠡᠶᠢᠯᠡᠭᠴᠢ ᠶᠢᠨ ᠵᠠᠷᠯᠢᠭ ᠪᠣᠳᠠᠲᠦ ᠪᠡᠶᠡᠯᠡᠯ ᠢᠶᠠᠨ ᠣᠯᠵᠤ᠂ ᠲᠡᠯᠡᠬᠡᠢ ᠶᠢᠨ ᠦᠪ ᠲᠤ ᠪᠦᠷᠢᠳᠭᠡᠭᠰᠡᠨ ᠲᠤᠬᠠᠢ ᠪᠠᠳᠤᠯᠠᠮᠵᠢ ᠪᠢᠴᠢᠭ ᠢ ᠬᠦᠯᠢᠶᠡᠨ ᠠᠪᠤᠯ᠎ᠠ᠃ ᠪᠠᠳᠤᠯᠠᠮᠵᠢ ᠪᠢᠴᠢᠭ ᠬᠦᠯᠢᠶᠡᠨ ᠠᠪᠬᠤ ᠶᠣᠰᠣᠯᠠᠯ ᠤᠨ ᠦᠶ᠎ᠡ ᠪᠠᠷ ᠮᠣᠩᠭᠤᠯ ᠣᠯᠤᠰ ᠤᠨ ᠶᠡᠷᠦᠩᠬᠡᠶᠢᠯᠡᠭᠴᠢ ᠴ᠊᠂ ᠡᠯᠪᠡᠭᠳᠤᠷᠵᠢ ᠶᠤᠨᠧᠰᠺᠤ ᠶᠢᠨ ᠶᠡᠷᠦᠩᠬᠡᠢ ᠨᠠᠷᠢᠨ ᠪᠢᠴᠢᠭ ᠤᠨ ᠳᠠᠷᠤᠭ᠎ᠠ ᠲᠠᠢ ᠬᠤᠶᠠᠷ ᠲᠠᠯ᠎ᠠ ᠶᠢᠨ ᠠᠭᠤᠯᠵᠠᠯᠲᠠ ᠬᠢᠵᠦ ᠬᠠᠮᠳᠤ ᠶᠢᠨ ᠠᠵᠢᠯᠯᠠᠭᠠᠨ ᠤ ᠠᠰᠠᠭᠤᠳᠠᠯ ᠢᠶᠠᠷ ᠰᠠᠨᠠᠯ ᠰᠤᠯᠢᠯᠴᠠᠪᠠ᠃ ᠶᠤᠨᠧᠰᠺᠤ ᠡᠭᠦᠰᠦᠨ ᠪᠠᠶᠢᠭᠤᠯᠤᠭᠳᠠᠭᠰᠠᠨ ᠤ 70 ᠵᠢᠯ ᠤᠨ ᠣᠢ ᠶᠢ ᠲᠣᠬᠢᠶᠠᠯᠳᠣᠭᠤᠯᠣᠨ ᠶᠡᠷᠦᠩᠬᠡᠢ ᠨᠠᠷᠢᠨ ᠪᠢᠴᠢᠭ ᠤᠨ ᠲᠠᠷᠤᠭ᠎ᠠ ᠳᠤ ᠪᠠᠶᠠᠷ ᠬᠦᠷᠭᠡᠵᠦ᠂ ᠮᠣᠩᠭᠤᠯ ᠶᠤᠨᠧᠰᠺᠤ ᠶᠢᠨ ᠬᠠᠷᠢᠯᠴᠠᠭ᠎ᠠ᠂ ᠬᠠᠮᠳᠤ  ᠶᠢᠨ ᠠᠵᠢᠯᠯᠠᠭᠠᠨ ᠳᠤ ᠰᠡᠳᠭᠢᠯ ᠬᠠᠩᠭᠤᠯᠤᠭᠤᠨ ᠪᠠᠶᠢᠭ᠎ᠠ ᠪᠠᠨ ᠢᠯᠡᠷᠬᠡᠶᠢᠯᠡᠯ᠎ᠡ᠃

ᠮᠦᠨ ᠶᠤᠨᠧᠰᠺᠤ ᠨᠢ ᠮᠣᠩᠭᠤᠯ ᠣᠯᠤᠰ ᠲᠤ ᠣᠷᠴᠢᠨ ᠴᠠᠭ ᠤᠨ ᠰᠢᠨᠵᠢᠯᠡᠬᠦ ᠣᠬᠠᠭᠠᠨ ᠤ ᠮᠡᠳᠡᠯᠭᠡ᠂ ᠡᠷᠳᠡᠮ ᠪᠤᠯᠪᠠᠰᠤᠷᠠᠯ ᠲᠦᠭᠡᠭᠡᠬᠦ᠃ ᠪᠢᠴᠢᠭ ᠦᠰᠦᠭ ᠦᠯᠦ ᠮᠡᠳᠡᠬᠦ ᠶᠠᠪᠤᠳᠠᠯ ᠢ ᠠᠷᠢᠯᠭᠠᠬᠤ᠃ ᠦᠨᠳᠦᠰᠦᠲᠡᠨ ᠤ ᠰᠣᠶᠣᠯ ᠣᠷᠠᠯᠢᠭ᠂ ᠲᠡᠣᠬᠡ ᠰᠤᠶᠤᠯ ᠤᠨ ᠦᠪ ᠢ ᠬᠠᠳᠠᠭᠠᠯᠠᠵᠤ ᠬᠠᠮᠠᠭᠠᠯᠠᠬᠤ᠃ ᠲᠧᠭᠨᠢᠭ ᠲᠧᠭᠨᠣᠯᠣᠭᠢ ᠶᠢᠨ ᠣᠯᠤᠯᠲᠠ ᠶᠢ ᠲᠠᠨᠢᠭᠤᠯᠬᠤ᠃ ᠬᠦᠮᠦᠨ ᠤ ᠦᠨᠳᠦᠰᠦᠨ ᠡᠷᠬᠡ᠂ ᠡᠷᠬᠡ ᠴᠢᠯᠦᠭᠡ ᠶᠢ ᠪᠠᠳᠤᠳᠬᠠᠨ ᠪᠠᠬᠢᠵᠢᠭᠦᠯᠬᠦ ᠲᠠᠯ᠎ᠠ ᠪᠠᠷ ᠦᠵᠡᠯ ᠰᠠᠨᠠᠭ᠎ᠠ ᠪᠠᠨ ᠲᠦᠭᠡᠭᠡᠵᠤ᠂ ᠨᠡᠶᠢᠭᠡᠮ ᠡᠳ᠋ ᠤᠨ ᠵᠠᠰᠠᠭ ᠤᠨ ᠬᠦᠭᠵᠢᠯ ᠳᠤ ᠪᠣᠳᠠᠲᠦ ᠬᠤᠪᠢ ᠨᠡᠮᠡᠷᠢ ᠪᠠᠨ ᠣᠷᠤᠭᠤᠯᠤᠭᠰᠠᠨ ᠢ ᠰᠠᠶᠢᠰᠢᠶᠠᠯ᠎ᠠ᠃

ᠲᠡᠯᠡᠬᠡᠢ ᠶᠢᠨ ᠦᠪ ᠲᠤ ᠪᠦᠷᠢᠳᠬᠡᠯ ᠲᠠᠢ ᠬᠠᠳᠠᠨ ᠤ ᠰᠦᠭ ᠵᠢᠷᠤᠭ ᠢ ᠬᠠᠮᠠᠭᠠᠯᠠᠬᠤ ᠴᠢᠭᠯᠡᠯ ᠢᠶᠠᠷ ᠲᠡᠶᠢᠮᠦ ᠦᠪ ᠪᠦᠬᠦᠢ 27 ᠣᠯᠤᠰ ᠲᠠᠢ ᠬᠠᠮᠲᠣᠷᠠᠨ ᠠᠵᠢᠯᠯᠠᠬᠤ᠃ ᠣᠯᠠᠨ ᠣᠯᠤᠰ ᠤᠨ ᠴᠢᠭᠤᠯᠭ᠎ᠠ ᠠᠭᠤᠯᠵᠠᠯᠲᠠ ᠵᠤᠬᠢᠶᠠᠨ ᠪᠠᠶᠢᠭᠤᠯᠬᠤ᠃ ᠪᠡᠯᠴᠢᠭᠡᠷ ᠤᠨ ᠮᠠᠯ ᠠᠵᠤ ᠠᠬᠤᠢ ᠶᠢ ᠪᠡᠶᠡᠲᠤ ᠪᠤᠰᠤ ᠰᠤᠶᠤᠯ ᠤᠨ ᠦᠪ ᠳᠤ ᠪᠦᠷᠢᠳᠬᠡᠭᠦᠯᠬᠦ᠃ ᠪᠡᠯᠴᠢᠭᠡᠷ ᠤᠨ ᠮᠠᠯ ᠠᠵᠤ ᠠᠬᠤᠢ ᠶᠢ ᠬᠠᠮᠠᠭᠠᠯᠠᠨ ᠬᠦᠭᠵᠢᠭᠦᠯᠬᠦ ᠠᠰᠠᠭᠤᠳᠠᠯ ᠢᠶᠠᠷ ᠣᠯᠠᠨ ᠣᠯᠤᠰ ᠤᠨ ᠪᠠᠭ᠎ᠠ ᠬᠤᠷᠠᠯ ᠵᠤᠬᠢᠶᠠᠨ ᠪᠠᠶᠢᠭᠤᠯᠬᠤ ᠵᠡᠷᠭᠡ ᠰᠠᠨᠠᠯ ᠢ ᠣᠯᠤᠰ ᠤᠨ ᠶᠡᠷᠦᠩᠬᠡᠶᠢᠯᠡᠭᠴᠢ ᠴ᠊᠂ ᠡᠯᠪᠡᠭᠳᠤᠷᠵᠢ ᠶᠤᠨᠧᠰᠺᠤ ᠶᠢᠨ ᠶᠡᠷᠦᠩᠬᠡᠢ ᠵᠠᠬᠢᠷᠣᠯ ᠢ᠊᠂ ᠪᠤᠺᠤᠸᠠ ᠳᠤ ᠲᠠᠯᠪᠢᠵᠤ᠂ ᠲᠡᠳᠡᠭᠡᠷ ᠢ ᠠᠵᠢᠯ ᠬᠡᠷᠡᠭ ᠪᠣᠯᠭᠠᠬᠤ ᠲᠠᠯ᠎ᠠ ᠪᠠᠷ ᠲᠣᠬᠢᠷᠠᠯᠴᠠᠪᠠ᠃

ᠢᠷᠡᠯᠲᠡ᠄      ᠨᠠᠶᠢᠷᠠᠭᠤᠯᠤᠭᠴᠢ᠄