home
home

    ᠶᠢᠰᠦᠳᠦᠭᠡᠷ ᠬᠤᠭᠤᠴᠠᠭᠠᠨ ᠤ ᠮᠤᠤ ᠳ᠋ᠦᠨ ᠤᠳᠬ᠎ᠠ ᠵᠤᠬᠢᠶᠠᠯ ᠤᠨ ᠱᠠᠩᠨᠠᠯ ᠲᠤᠳᠤᠷᠠᠪᠠ

2016-10-01  20:02

8 ᠰᠠᠷ᠎ᠠ ᠶᠢᠨ 16᠎ ᠤ ᠦᠳᠡ ᠶᠢᠨ ᠬᠤᠶᠢᠨ᠎ᠠ᠂ ᠶᠢᠰᠦᠳᠦᠭᠡᠷ ᠬᠤᠭᠤᠴᠠᠭᠠᠨ ᠤ ᠮᠤᠤ ᠳ᠋ᠦᠨ ᠤᠳᠬ᠎ᠠ ᠵᠤᠬᠢᠶᠠᠯ ᠤᠨ ᠱᠠᠩᠨᠠᠯ ᠳᠤᠳᠤᠷᠠᠵᠤ᠂ ᠭᠧ ᠹᠸᠢ ᠶᠢᠨ 《ᠵᠢᠶᠠᠩᠨᠠᠨ ᠤ ᠭᠤᠷᠪᠠᠯᠠᠯ ᠠᠶᠢᠵᠠᠮ》 ᠋᠂ ᠸᠠᠩ ᠮᠧᠩ ᠤᠨ 《ᠠᠳᠡᠬᠢ ᠦᠵᠡᠮᠵᠢ》 ᠋᠂ ᠶᠢᠨ ᠢᠦᠢ ᠴᠧᠩ ᠤᠨ 《ᠦᠨᠢᠷ ᠴᠡᠴᠡᠭ》 ᠋᠂ ᠯᠢ ᠫᠸᠢ ᠹᠦ᠋ ᠶᠢᠨ 《ᠠᠮᠢ ᠨᠠᠰᠤᠨ ᠤ ᠳᠠᠩᠰᠠ》 ᠋᠂ ᠰᠧ ᠲᠦᠩ ᠤᠨ 《ᠰᠢᠷ᠎ᠠ ᠵᠠᠳᠠᠦᠯᠠᠢ ᠶᠢᠨ ᠳᠡᠮᠳᠡᠭᠯᠡᠯ》 ᠋ ᠵᠡᠷᠭᠡ 5 ᠪᠦᠳᠦᠭᠡᠯ ᠱᠠᠩᠨᠠᠯ ᠬᠦᠷᠳᠡᠭᠰᠡᠨ ᠪᠠᠶᠢᠨ᠎ᠠ᠃ ᠮᠤᠤ ᠳ᠋ᠦᠨ ᠤᠳᠬ᠎ᠠ ᠵᠤᠬᠢᠶᠠᠯ ᠤᠨ ᠱᠠᠩᠨᠠᠯ ᠢ 4 ᠵᠢᠯ ᠳᠤ ᠨᠢᠭᠡ ᠤᠳᠠᠭ᠎ᠠ ᠰᠢᠯᠭᠠᠷᠠᠭᠤᠯᠵᠤ᠂ ᠱᠠᠩᠨᠠᠯ ᠬᠦᠷᠳᠡᠭᠰᠡᠨ ᠵᠤᠬᠢᠶᠠᠯᠴᠢᠳ 50 ᠲᠦᠮᠡᠨ ᠲᠦᠭᠦᠷᠢᠭ ᠤᠨ ᠱᠠᠩᠨᠠᠯ ᠤᠨ ᠮᠦᠩᠬᠦ ᠬᠦᠷᠳᠡᠬᠦ ᠪᠤᠯᠤᠨ᠎ᠠ᠃

ᠲᠤᠰ ᠤᠳᠠᠭᠠᠨ ᠤ ᠮᠤᠤ ᠳ᠋ᠦᠨ ᠤᠳᠬ᠎ᠠ ᠵᠤᠬᠢᠶᠠᠯ ᠤᠨ ᠱᠠᠩᠨᠠᠯ ᠳᠤ ᠨᠡᠶᠢᠳᠡ 252 ᠷᠤᠮᠠᠨ ᠰᠢᠯᠭᠠᠭᠤᠯᠤᠯᠳᠠ ᠳᠤ ᠤᠷᠤᠯᠴᠠᠵᠤ᠂ 8 ᠰᠠᠷ᠎ᠠ ᠶᠢᠨ 12᠎ ᠤᠨ ᠡᠳᠤᠷ᠂ 10 ᠪᠦᠳᠦᠭᠡᠯ ᠨᠡᠷ᠎ᠡ ᠳᠤᠷᠠᠳᠤᠬᠳᠠᠵᠠᠢ᠂ ᠳᠡᠳᠡᠭᠡᠷ ᠨᠢ ᠹᠠᠨ ᠸᠧᠨ ᠤ 《ᠮᠢᠨᠦ ᠴᠢᠰᠦ ᠮᠢᠨᠦ ᠬᠦᠷᠦᠰᠦ》 ᠋᠂ ᠶᠠᠨ ᠵᠧᠨ ᠤ 《ᠠᠮᠢᠳᠤ ᠶᠠᠪᠤᠬᠤ ᠶᠢᠨ ᠰᠠᠶᠢᠬᠠᠨ》 ᠋᠂ ᠯᠢᠨ ᠪᠠᠢ ᠶᠢᠨ 《ᠤᠮᠠᠷᠠᠰᠢ ᠤᠳᠬᠤᠢ ᠶᠢᠨ ᠦᠬᠡᠰ》 ᠋᠂ ᠬᠤᠩ ᠺᠧ ᠶᠢᠨ 《ᠺᠠᠷᠪᠤ ᠶᠢᠨ ᠰᠠᠯᠬᠢ ᠰᠢᠭᠤᠷᠭ᠎ᠠ》 ᠋᠂ ᠰᠢᠦᠢ ᠽᠧ ᠴᠧᠨ ᠤ 《ᠶᠧᠷᠦ᠋ᠰᠠᠯᠧᠮ》 ᠋ ᠵᠡᠷᠭᠡ ᠪᠤᠯᠤᠨ᠎ᠠ᠃

ᠢᠷᠡᠯᠲᠡ᠄      ᠨᠠᠶᠢᠷᠠᠭᠤᠯᠤᠭᠴᠢ᠄