home
home

    ᠣᠯᠤᠰ ᠤᠨ ᠶᠡᠭᠡ ᠬᠤᠷᠠᠯ ᠤᠨ ᠳᠠᠷᠤᠭ᠎ᠠ ᠴᠢᠭᠤᠯᠭᠠᠨ ᠢ ᠬᠠᠭᠠᠵᠤ ᠦᠭᠡ ᠬᠡᠯᠡᠯ᠎ᠡ ( ᠳᠦᠷᠪᠡ )

2016-10-01  20:33

ᠡᠷᠡᠭᠦᠦ ᠶᠢᠨ ᠪᠤᠯᠤᠨ ᠵᠦᠷᠢᠴᠡᠯ ᠤᠨ ᠲᠤᠬᠠᠢ᠂ ᠦᠷᠦᠰᠢᠶᠠᠯ ᠤᠨ ᠲᠤᠬᠠᠢ᠂ ᠡᠳ᠋ ᠤᠨ ᠵᠠᠰᠠᠭ ᠤᠨ ᠢᠯᠡ ᠲᠣᠳᠣ ᠪᠠᠶᠢᠳᠠᠯ ᠤᠨ ᠲᠤᠬᠠᠢ ᠬᠠᠤᠯᠢ ᠶᠢ ᠶᠠᠭᠠᠷᠠᠯᠲᠠᠢ ᠪᠠᠳᠣᠯᠠᠬᠤ᠂ ᠠᠷᠠᠳᠴᠢᠯᠠᠭᠰᠠᠨ ᠨᠠᠮ᠂ ᠮᠣᠩᠭᠤᠯ ᠠᠷᠠᠳ ᠤᠨ ᠨᠠᠮ‌‍ᠤᠨ ᠬᠤᠭᠤᠷᠤᠨᠳᠦ ᠪᠠᠶᠢᠭᠤᠯᠤᠭᠰᠠᠨ 《ᠬᠠᠷᠢᠯᠴᠠᠨ ᠢᠲᠡᠭᠡᠯᠴᠡᠯ᠂ ᠬᠠᠮᠳᠤ ᠶᠢᠨ ᠠᠵᠢᠯᠯᠠᠭᠠᠨ ᠤ ᠭᠡᠷ᠎ᠠ》 ᠋ ᠴᠤᠴᠠᠯᠠᠭᠳᠠᠵᠤ ᠪᠠᠶᠢᠭ᠎ᠠ ᠲᠠᠢ ᠬᠤᠯᠪᠤᠭᠳᠠᠭᠤᠯᠣᠨ ᠮᠣᠩᠭᠤᠯ ᠠᠷᠠᠳ ᠤᠨ ᠨᠠᠮ ᠤᠨ 6 ᠰᠠᠶᠢᠳ ᠢ ᠴᠢᠯᠤᠭᠡᠯᠡᠵᠤ᠂ ᠰᠢᠨ᠎ᠡ ᠰᠠᠶᠢᠳ ᠤᠳ ᠢ ᠨᠦᠭᠦᠨ ᠲᠤᠮᠢᠯᠠᠬᠤ ᠠᠰᠠᠭᠤᠳᠠᠯ ᠢ ᠰᠢᠢᠳᠪᠦᠷᠢᠯᠡᠬᠦ ᠵᠣᠷᠢᠯᠭ᠎ᠠ ᠪᠠᠷ 2015 ᠣᠨ ᠤ 8 ᠳ᠋ᠣᠭᠠᠷ ᠰᠠᠷ᠎ᠠ ᠶᠢᠨ 3᠎ ᠤ ᠡᠳᠣᠷ ᠠᠴᠠ ᠣᠯᠤᠰ ᠤᠨ ᠶᠡᠭᠡ ᠬᠤᠷᠠᠯ  ᠤᠨ ᠡᠭᠡᠯᠵᠢᠲᠤ ᠪᠤᠰᠤ ᠴᠢᠭᠤᠯᠭᠠᠨ ᠢ ᠵᠠᠷᠯᠠᠨ ᠬᠤᠷᠠᠯᠳᠤᠭᠤᠯᠬᠤ ᠪᠠᠷ ᠲᠦᠯᠦᠪᠯᠡᠵᠣ ᠪᠠᠶᠢᠨ᠎ᠠ᠃ ᠲᠡᠭᠦᠨᠴᠢᠯᠡᠨ ᠦᠨᠳᠦᠰᠦᠨ ᠬᠠᠣᠯᠢ  ᠳᠤ ᠨᠡᠮᠡᠯᠲᠡ ᠦᠭᠡᠷᠡᠴᠢᠯᠡᠯᠲᠡ ᠣᠷᠤᠭᠤᠯᠬᠤ ᠲᠤᠬᠠᠢ ᠬᠠᠤᠯᠢ ᠶᠢ 9 ᠳ᠋ᠦ᠋ᠭᠡᠷ ᠰᠠᠷ᠎ᠠ ᠳᠤ ᠡᠭᠡᠯᠵᠢᠲᠤ ᠪᠤᠰᠤ ᠴᠢᠭᠤᠯᠭᠠᠨ ᠵᠠᠷᠯᠠᠵᠤ ᠲᠣᠰᠬᠠᠶᠢᠯᠠᠨ ᠬᠡᠯᠡᠯᠴᠡᠬᠦ ᠨᠢ ᠵᠦᠢᠲᠠᠢ ᠭᠡᠵᠦ ᠦᠵᠡᠵᠦ ᠪᠠᠶᠢᠨ᠎ᠠ᠃

ᠡᠨᠡ 7 ᠳ᠋ᠣᠭᠠᠷ ᠰᠠᠷ᠎ᠠ ᠶᠢᠨ 29᠎ ᠳᠤ ᠮᠣᠩᠭᠤᠯ ᠣᠯᠤᠰ ᠲᠤ ᠠᠩᠬᠠᠨ ᠤ ᠠᠷᠠᠳᠴᠢᠯᠠᠭᠰᠠᠨ ᠴᠢᠯᠦᠭᠡᠲᠦ ᠰᠣᠩᠭᠤᠭᠤᠯᠢ ᠶᠠᠪᠤᠭᠳᠠᠭᠰᠠᠨ᠂ 9 ᠳ᠋ᠦ᠋ᠭᠡᠷ ᠰᠠᠷ᠎ᠠ ᠳᠤ ᠮᠣᠩᠭᠤᠯ ᠣᠯᠤᠰ ᠲᠤ ᠪᠠᠶᠢᠩᠭᠤ ᠶᠢᠨ ᠠᠵᠢᠯᠯᠠᠭ᠎ᠠ ᠲᠠᠢ ᠫᠠᠷᠯᠠᠮᠧᠨ᠋ᠲ ᠡᠭᠦᠰᠴᠣ ᠪᠠᠶᠢᠭᠤᠯᠤᠭᠳᠠᠭᠰᠠᠨ ᠤ 25 ᠵᠢᠯ ᠤᠨ ᠲᠡᠣᠭᠡᠳᠦ ᠣᠢ ᠶᠢ ᠲᠡᠮᠳᠡᠭᠯᠡᠵᠦ᠂ ᠡᠸᠦ᠋ᠷᠦᠫᠠ ᠶᠢᠨ ᠠᠶᠤᠯᠭᠦᠢ ᠪᠠᠶᠢᠳᠠᠯ᠂ ᠬᠠᠮᠳᠤ ᠶᠢᠨ ᠠᠵᠢᠯᠯᠠᠭᠠᠨ ᠤ ᠪᠠᠶᠢᠭᠤᠯᠤᠯᠭ᠎ᠠ ᠵᠢᠨ‌‍ᠫᠠᠷᠯᠠᠮᠧᠨ᠋ᠲ ᠤᠨ ᠠᠰᠰᠠᠮᠪᠯᠸᠧ ᠶᠢᠨ ᠭᠡᠰᠢᠭᠦᠨ ᠪᠤᠯᠤᠨ ᠠᠵᠢᠭᠯᠠᠭᠴᠢ 72 ᠣᠯᠤᠰ ᠤᠨ 400 ᠣᠷᠴᠢᠮ ᠲᠦᠯᠦᠭᠡᠯᠡᠭᠴᠢ ᠣᠷᠣᠯᠴᠠᠭᠰᠠᠨ ᠨᠠᠮᠤᠷ ᠤᠨ ᠴᠢᠭᠤᠯᠭᠠᠨ ᠢ ᠮᠣᠩᠭᠤᠯ ᠣᠯᠤᠰ ᠲᠤ ᠵᠤᠬᠢᠶᠠᠨ ᠪᠠᠶᠢᠭᠤᠯᠤᠨ᠎ᠠ᠃ ᠡᠳᠡᠭᠡᠷ ᠠᠷᠭ᠎ᠠ ᠬᠡᠮᠵᠢᠶ᠎ᠠ ᠶᠢ ᠵᠤᠬᠢᠶᠠᠨ ᠪᠠᠶᠢᠭᠤᠯᠬᠤ ᠳᠤ ᠡᠷᠬᠢᠮ ᠭᠡᠰᠢᠭᠦᠳ ᠢ ᠢᠳᠡᠪᠬᠢᠲᠠᠢ ᠣᠷᠤᠯᠴᠠᠬᠤ ᠶᠢ ᠣᠷᠢᠶᠠᠯᠠᠵᠤ ᠪᠠᠶᠢᠨ᠎ᠠ᠃

ᠡᠷᠬᠢᠮ ᠭᠡᠰᠢᠭᠦᠳ ᠡ᠂ ᠮᠠᠷᠭᠠᠰᠢ ᠲᠤᠯᠭᠤᠷ ᠲᠦᠷᠦ ᠶᠢᠨ 2224᠂ ᠶᠡᠭᠡ ᠮᠣᠩᠭᠤᠯ ᠣᠯᠤᠰ ᠤᠨ 809᠂ ᠠᠷᠠᠳ ᠤᠨ ᠬᠤᠪᠢᠰᠬᠠᠯ ᠤᠨ 94 ᠵᠢᠯ ᠤᠨ ᠣᠢ᠂ ᠦᠨᠳᠦᠰᠦᠨ ᠤ ᠶᠡᠭᠡ ᠪᠠᠶᠠᠷ ᠨᠠᠭᠠᠳᠣᠮ ᠤᠨ ᠦᠢᠯᠡ ᠠᠵᠢᠯᠯᠠᠭ᠎ᠠ ᠡᠬᠢᠯᠡᠬᠦ ᠭᠡᠵᠦ ᠪᠠᠶᠢᠨ᠎ᠠ᠃ ᠨᠠᠭᠠᠳᠣᠮ ᠤᠨ ᠮᠠᠷᠭᠠᠰᠢ ᠨᠠᠮᠤᠷ ᠭᠡᠳᠡᠭ᠃ ᠡᠨᠡ ᠵᠢᠯ ᠬᠤᠷ᠎ᠠ ᠪᠤᠷᠤᠭ᠎ᠠ ᠪᠠᠭ᠎ᠠ᠂ ᠬᠡᠳᠦ ᠬᠠᠯᠠᠭᠤᠨ ᠪᠤᠯᠵᠤ ᠪᠠᠶᠢᠭ᠎ᠠ ᠠᠴᠠ ᠣᠯᠠᠨ ᠠᠶᠢᠮᠠᠭ᠂ ᠰᠤᠮᠤ ᠭᠠᠩᠳᠠᠭᠤ ᠪᠠᠶᠢᠨ᠎ᠠ᠃ ᠲᠠᠷᠢᠶ᠎ᠠ ᠪᠣᠳᠠᠭ᠎ᠠ᠂ ᠲᠦᠮᠤᠰᠦ ᠬᠦᠨᠡᠰᠦᠨ ᠤ ᠨᠣᠭᠤᠭᠠᠨ ᠤ ᠭᠠᠷᠴᠠ ᠴᠦ ᠮᠠᠭᠤᠬᠠᠨ ᠪᠠᠶᠢᠨ᠎ᠠ᠃ ᠲᠡᠶᠢᠮᠦ ᠪᠤᠯᠬᠤ ᠪᠠᠷ ᠲᠦᠷᠦ ᠵᠠᠰᠠᠭ ᠤᠨ ᠪᠦᠬᠦ ᠱᠠᠲᠤᠨ ᠤ ᠪᠠᠶᠢᠭᠤᠯᠤᠯᠭ᠎ᠠ ᠶᠢᠨ ᠡᠷᠬᠡ ᠪᠠᠷᠢᠭᠴᠢᠳ᠂ ᠮᠣᠩᠭᠤᠯᠴᠣᠳ ᠲᠠ ᠪᠢᠳᠡᠨ ᠳᠤ ᠡᠪᠦᠯ ᠳᠡᠭᠡᠨ ᠦᠩ ᠲᠠᠢ ᠣᠷᠤᠬᠤ ᠶᠢᠨ ᠲᠤᠯᠠᠳᠠ ᠡᠪᠦᠯᠵᠢᠯᠳᠡ ᠶᠢᠨ ᠪᠡᠯᠡᠳᠭᠡᠯ ᠢᠶᠠᠨ ᠬᠠᠩᠭᠠᠬᠤ ᠠᠷᠭ᠎ᠠ ᠬᠡᠮᠵᠢᠶ᠎ᠠ  ᠶᠢ ᠡᠷᠳᠡᠨ ᠠᠴᠠ ᠲᠦᠯᠦᠪᠯᠡᠵᠣ᠂ ᠪᠤᠳᠠᠲᠠᠢ ᠠᠵᠢᠯ ᠤᠳ ᠢ ᠬᠢᠬᠦ ᠱᠠᠭᠠᠷᠳᠠᠯᠭ᠎ᠠ ᠲᠣᠯᠭᠠᠷᠠᠵᠣ ᠪᠠᠶᠢᠨ᠎ᠠ᠃ ᠣᠯᠤᠰ ᠤᠨ ᠶᠡᠭᠡ ᠬᠤᠷᠠᠯ  ᠤᠨ ᠡᠷᠬᠢᠮ ᠭᠡᠰᠢᠭᠦᠳ ᠲᠠ ᠪᠦᠬᠦᠨ ᠲᠤᠭᠤᠷᠢᠭ ᠲᠠᠭᠠᠨ ᠠᠵᠢᠯᠯᠠᠬᠤ ᠦᠶ᠎ᠡ ᠳᠡᠭᠡᠨ ᠡᠨᠡ ᠠᠰᠠᠭᠤᠳᠠᠯ ᠳᠤ ᠣᠨᠴᠠᠭᠠᠢ ᠠᠩᠬᠠᠷᠴᠦ ᠠᠵᠢᠯᠯᠠᠬᠤ ᠬᠡᠷᠡᠭᠲᠡᠢ᠃

ᠮᠣᠩᠭᠤᠯ ᠤᠨ ᠨᠡᠶᠢᠲᠡ ᠠᠷᠠᠳ ᠲᠦᠮᠡᠨ ᠳᠡᠭᠡᠨ ᠪᠠᠶᠠᠷ ᠤᠨ ᠮᠡᠨᠳᠦ ᠳᠡᠪᠰᠢᠭᠦᠯᠵᠣ᠂ ᠠᠵᠠ ᠵᠢᠷᠭᠠᠯ᠂ ᠬᠠᠮᠤᠭ ᠤᠨ ᠰᠠᠶᠢᠨ ᠰᠠᠶᠢᠬᠠᠨ ᠢ ᠬᠦᠰᠡᠨ ᠢᠷᠦᠭᠡᠶ᠎ᠡ᠃ ᠲᠠ ᠪᠦᠬᠦᠨ ᠰᠠᠶᠢᠬᠠᠨ ᠨᠠᠭᠠᠳᠤᠭᠠᠷᠠᠢ᠃

ᠣᠯᠤᠰ ᠤᠨ ᠶᠡᠭᠡ ᠬᠤᠷᠠᠯ ᠤᠨ 2015 ᠣᠨ ᠤ ᠬᠠᠪᠤᠷ ᠤᠨ ᠴᠢᠭᠤᠯᠭᠠᠨ ᠦᠨᠳᠦᠷᠯᠡᠭᠰᠡᠨ ᠢ ᠮᠡᠳᠡᠭᠳᠡᠶ᠎ᠡ᠃

ᠢᠷᠡᠯᠲᠡ᠄      ᠨᠠᠶᠢᠷᠠᠭᠤᠯᠤᠭᠴᠢ᠄