home
home

    ᠠᠩᠬᠠᠲᠠᠭᠴᠢ 《ᠡᠸᠡᠩᠬᠢ ᠮᠤᠩᠭᠤᠯ ᠲᠤᠯᠢ》 ᠋ ᠬᠡᠪᠯᠡᠭᠲᠡᠪᠡ

2016-10-01  20:35

ᠦᠪᠦᠷ ᠮᠤᠩᠭᠤᠯ ᠤᠨ ᠡᠸ᠋ᠩᠬᠢ ᠰᠤᠳᠤᠯᠤᠯ ᠤᠨ ᠨᠡᠶᠢᠭᠡᠮᠯᠢᠭ ᠠᠴᠠ ᠤᠶᠢᠯᠠᠭᠠᠵᠤ ᠮᠡᠲᠡᠭᠰᠡᠨ ᠨᠢ᠂ ᠡᠸᠡᠩᠬᠢ ᠬᠡᠯᠡᠨ ᠤ ᠤᠨᠴᠠᠯᠢᠭ ᠢ ᠠᠩᠬᠠᠲᠠᠭᠴᠢ ᠤᠲᠠᠭ᠎ᠠ ᠪᠦᠬᠦ ᠲᠠᠯ᠎ᠠ ᠪᠠᠷ ᠬᠠᠷᠠᠭᠤᠯᠬᠰᠠᠨ ᠳᠤᠯᠢ ᠪᠢᠴᠢᠭ — 《ᠡᠸᠡᠩᠬᠢ ᠮᠤᠩᠭᠤᠯ ᠲᠤᠯᠢ》 ᠋ᠬᠡᠪᠯᠡᠭᠲᠡᠨ ᠭᠠᠷᠴᠠᠢ᠃ ᠡᠨᠡ ᠲᠤᠯᠢ ᠶᠢᠨ ᠬᠡᠪᠯᠡᠭᠲᠡᠭᠰᠡᠨ ᠨᠢ ᠮᠠᠨ ᠤ ᠣᠯᠣᠰ ᠲᠤ ᠡᠸᠡᠩᠬᠢ ᠬᠡᠯᠡ ᠪᠤᠯᠤᠨ ᠮᠤᠩᠭᠤᠯ ᠬᠡᠯᠡᠨ ᠤ ᠬᠠᠷᠢᠴᠠᠭᠤᠯᠤᠬᠰᠠᠨ ᠳᠤᠯᠢ ᠦᠭᠡᠢ ᠪᠠᠶᠢᠬᠰᠠᠨ ᠬᠤᠭᠤᠰᠤᠨ ᠢ ᠨᠦᠬᠦᠵᠡᠢ᠃ 《ᠡᠸ᠋ᠩᠬᠢ ᠮᠤᠩᠭᠤᠯ ᠲᠤᠯᠢ》 ᠋᠎ ᠳᠤ ᠡᠸᠡᠩᠬᠢ ᠦᠬᠡ ᠶᠢ ᠯᠠᠲ᠋ᠢᠨ ᠭᠠᠯᠢᠭ ᠢᠶᠠᠷ ᠳᠡᠮᠲᠡᠭᠯᠡᠵᠦ᠂ ᠤᠯᠠᠨ ᠤᠯᠤᠰ ᠤᠨ ᠭᠠᠯᠢᠭ ᠬᠠᠲᠠᠵᠤ᠂ ᠤᠳᠬ᠎ᠠ ᠶᠢ ᠮᠤᠩᠭᠤᠯ ᠢᠶᠠᠷ ᠳᠠᠶᠢᠯᠪᠤᠷᠢᠯᠠᠵᠠᠢ᠃ ᠳᠤᠰ ᠳᠤᠯᠢ ᠳᠤ ᠬᠡᠯᠡ᠂ ᠳᠡᠦᠬᠡ᠂ ᠤᠯᠤᠰ ᠳᠦᠷᠦ᠂ ᠠᠵᠤ ᠠᠬᠤᠢ᠂ ᠴᠡᠷᠢᠭ ᠤᠨ ᠶᠠᠪᠤᠲᠠᠯ᠂ ᠰᠢᠨᠵᠢᠯᠡᠬᠦ ᠤᠬᠠᠭᠠᠨ ᠮᠡᠷᠭᠡᠵᠢᠯ᠂ ᠤᠳᠬ᠎ᠠ ᠵᠤᠬᠢᠶᠠᠯ᠂ ᠤᠷᠠᠯᠢᠭ᠂ ᠠᠮᠢᠲᠤᠷᠠᠯ᠂ ᠱᠠᠰᠢᠨ ᠰᠤᠷᠲᠠᠬᠤᠨ ᠵᠡᠷᠭᠡ ᠲᠠᠯ᠎ᠠ ᠶᠢᠨ 20000 ᠭᠠᠷᠤᠢ ᠦᠭᠡ ᠶᠢ ᠰᠤᠩᠭᠤᠨ ᠤᠷᠤᠭᠤᠯᠵᠠᠢ᠃ ᠡᠬᠦᠨ ᠠᠴᠠ ᠭᠠᠲᠠᠨ᠎ᠠ ᠪᠠᠰᠠ ᠡᠸ᠋ᠩᠬᠢ ᠤᠪᠤᠭ ᠪᠠ ᠬᠡᠰᠡᠭ ᠭᠠᠵᠠᠷ ᠤᠨ ᠨᠡᠷ᠎ᠡ ᠶᠢ ᠤᠷᠤᠭᠤᠯᠤᠬᠰᠠᠨ ᠪᠠᠶᠢᠨ᠎ᠠ᠃ ᠳᠤᠰ ᠳᠤᠯᠢ ᠨᠢ ᠡᠸᠡᠩᠬᠢ ᠬᠡᠯᠡᠨ ᠤ ᠰᠤᠯᠤᠨ ᠠᠮᠠᠨ ᠠᠶᠠᠯᠭᠤ ᠪᠠᠷ ᠭᠤᠤᠯ ᠪᠤᠯᠭᠠᠵᠤ᠂ ᠪᠤᠰᠤᠳ ᠬᠤᠶᠠᠷ ᠠᠮᠠᠨ ᠠᠶᠠᠯᠭᠤ ᠶᠢ ᠴᠦ ᠵᠡᠷᠭᠡ ᠳᠤᠨᠢ ᠬᠠᠷᠠᠭᠠᠯᠵᠠᠬᠰᠠᠨ ᠪᠤᠯᠬᠤᠷ ᠡᠸᠡᠩᠬᠢ ᠬᠡᠯᠡᠨ ᠤ ᠭᠤᠷᠪᠠᠨ ᠠᠮᠠᠨ ᠠᠶᠠᠯᠭᠤ ᠶᠢ ᠪᠦᠷᠢᠨ ᠬᠠᠷᠠᠭᠤᠯᠵᠤ ᠴᠢᠲᠠᠭᠰᠠᠨ ᠪᠠᠶᠢᠨ᠎ᠠ᠃

ᠢᠷᠡᠯᠲᠡ᠄      ᠨᠠᠶᠢᠷᠠᠭᠤᠯᠤᠭᠴᠢ᠄