home
home

    ᠪ᠊ · ᠪᠢᠯᠢᠭ ᠤᠨ ᠱᠤᠬ ᠵᠢᠷᠤᠬ  ᠤᠨ ᠦᠵᠡᠰᠬᠦᠯᠡᠩ ᠶᠠᠪᠤᠬᠳᠠᠯ᠎ᠠ

2016-10-01  21:30

10 ᠰᠠᠷ᠎ᠠ ᠶᠢᠨ 12᠎ ᠤᠨ ᠡᠳᠦᠷ ᠤᠨ ᠦᠳᠡ ᠶᠢᠨ ᠡᠮᠦᠨ᠎ᠡ᠂ ᠦᠪᠦᠷ ᠮᠤᠩᠭᠤᠯ ᠤᠨ ᠤᠷᠠᠨ ᠵᠢᠷᠤᠬ ᠤᠨ ᠤᠷᠳᠤᠨ᠂ ᠰᠦᠨᠢᠳ ᠵᠡᠬᠦᠨ ᠬᠤᠰᠢᠭᠤᠨ ᠤ ᠨᠠᠮ ᠤᠨ ᠬᠤᠷᠢᠶ᠎ᠠ ᠶᠢᠨ ᠤᠬᠠᠭᠤᠯᠬᠤ ᠬᠡᠯᠳᠡᠰ ᠠᠴᠠ ᠭᠤᠤᠯᠯᠠᠨ ᠡᠷᠬᠢᠯᠡᠭᠰᠡᠨ ᠪ᠊ · ᠪᠢᠯᠢᠭ ᠤᠨ ᠱᠤᠬ ᠵᠢᠷᠤᠬ ᠤᠨ ᠦᠵᠡᠰᠬᠦᠯᠡᠩ ᠦᠪᠦᠷ ᠮᠤᠩᠭᠤᠯ ᠤᠨ ᠤᠷᠠᠨ ᠵᠢᠷᠤᠬ ᠤᠨ ᠤᠷᠳᠤᠨ ᠳᠤ ᠨᠡᠭᠡᠭᠡᠭᠳᠡᠯ᠎ᠡ᠃ ᠲᠤᠰ ᠤᠳᠠᠭ᠎ᠠ ᠶᠢᠨ ᠦᠵᠡᠰᠬᠦᠯᠡᠩ ᠪᠤᠯ ᠪ᠊ · ᠪᠢᠯᠢᠭ ᠤᠨ ᠬᠦᠬᠡᠬᠤᠳᠠ ᠳᠠᠬᠢ ᠬᠤᠶᠠᠳᠠᠬᠢ ᠤᠳᠠᠭᠠᠨ ᠤ ᠬᠤᠪᠢ ᠬᠦᠮᠦᠨ ᠤ ᠱᠤᠬ ᠵᠢᠷᠤᠬ ᠤᠨ ᠦᠵᠡᠰᠬᠦᠯᠡᠩ ᠪᠤᠯᠤᠨ᠎ᠠ᠃

ᠦᠪᠡᠷᠳᠡᠬᠡᠨ ᠵᠠᠰᠠᠬᠤ ᠤᠷᠤᠨ ᠤ ᠨᠠᠮ ᠤᠨ ᠬᠤᠷᠢᠶ᠎ᠠ ᠶᠢᠨ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠲᠠᠷᠤᠭ᠎ᠠ ᠤᠯᠠᠭᠠᠨ ᠦᠵᠡᠰᠬᠦᠯᠡᠩ ᠢ ᠰᠤᠨᠢᠷᠬᠠᠨ ᠦᠵᠡᠵᠡᠢ᠃

ᠲᠤᠰ ᠤᠳᠠᠭ᠎ᠠ ᠶᠢᠨ ᠦᠵᠡᠰᠬᠦᠯᠡᠩ ᠳᠤ᠂ ᠪ᠊ · ᠪᠢᠯᠢᠭ ᠤᠨ ᠵᠢᠷᠤᠬᠰᠠᠨ 179 ᠰᠤᠩᠭᠤᠳᠠᠬ ᠱᠤᠭ ᠵᠢᠷᠤᠬ ᠢ ᠲᠡᠯᠬᠡᠨ ᠦᠵᠡᠬᠦᠯᠵᠦ᠂ ᠤᠯᠠᠮᠵᠢᠯᠠᠯᠳᠤ ᠬᠤᠱᠤᠩᠨᠠᠯ᠂ ᠴᠤᠯᠤ ᠶᠦᠮᠦᠷ᠂ ᠬᠠᠷ᠎ᠠ ᠶᠦᠮᠦᠷ ᠪᠤᠯᠤᠨ ᠰᠡᠬᠦᠯᠴᠢ ᠶᠢᠨ ᠦᠶ᠎ᠡ ᠶᠢᠨ ᠤᠷᠠᠯᠢᠬ ᠤᠨ ᠮᠠᠶ᠋ᠢᠭ᠂ ᠰᠢᠯᠦᠭ ᠤᠨ ᠮᠠᠶ᠋ᠢᠬ ᠤᠨ ᠱᠤᠬ ᠵᠢᠷᠤᠬ ᠢ ᠬᠠᠮᠤᠷᠴᠠᠢ᠃

ᠪ᠊ · ᠪᠢᠯᠢᠭ ᠪᠤᠯ ᠰᠦᠨᠢᠳ ᠵᠡᠬᠦᠨ ᠬᠤᠰᠢᠭᠤᠨ ᠳᠤ ᠨᠤᠳᠤᠬ ᠲᠠᠢ᠃ 1993 ᠤᠨ ᠳᠤ ᠤᠤᠭᠠᠨ ᠪᠦᠳᠦᠬᠡᠯ ᠢᠶᠠᠨ ᠨᠡᠶᠢᠳᠡᠯᠡᠬᠦᠯᠦᠭᠰᠡᠨ ᠠᠴᠠ᠂ ᠤᠳᠤ ᠪᠤᠯᠳᠠᠯ᠎ᠠ ᠪᠦᠬᠦ ᠤᠯᠤᠰ ᠤᠨ ᠰᠤᠨᠢᠨ ᠰᠡᠳᠬᠦᠯ ᠲᠡᠭᠡᠷ᠎ᠡ 1000 ᠭᠠᠷᠤᠢ ᠱᠤᠬ ᠵᠢᠷᠤᠬ ᠨᠡᠶᠢᠳᠡᠯᠡᠬᠦᠯᠵᠡᠢ᠃ 2001 ᠤᠨ ᠳᠤ᠂ ᠲᠤᠮᠳᠠᠳᠤ ᠤᠯᠤᠰ ᠤᠨ ᠱᠤᠬ ᠵᠢᠷᠤᠬ ᠤᠨ ᠠᠯᠳᠠᠨ ᠪᠡᠴᠢᠨ ᠱᠠᠩᠨᠠᠯ ᠢ ᠬᠦᠷᠳᠡᠵᠡᠢ᠃ 1995 ᠤᠨ ᠳᠤ ᠠᠩᠬᠠᠨ ᠤ ᠤᠯᠠᠨ ᠤᠯᠤᠰ ᠤᠨ ᠱᠠᠩᠨᠠᠯ ᠢ ᠲᠤᠰᠤᠬᠰᠠᠨ ᠠᠴᠠ ᠨᠠᠰᠢ ᠲᠡᠯᠡᠬᠡᠢ ᠶᠢᠨ ᠲᠡᠷᠢᠬᠦᠨ ᠤ ᠱᠠᠩᠨᠠᠯ ᠢ ᠲᠠᠪᠤ ᠤᠳᠠᠭ᠎ᠠ ᠲᠤᠰᠴᠠᠢ᠃ ᠡᠬᠦᠨ ᠳᠤ 2009 ᠤᠨ ᠳᠤ᠂ 21 ᠳ᠋ᠤᠭᠠᠷ ᠬᠤᠭᠤᠴᠠᠭᠠᠨ ᠤ ᠲᠡᠯᠡᠬᠡᠢ ᠶᠢᠨ ᠱᠤᠬ ᠵᠢᠷᠤᠬ ᠤᠨ ᠤᠷᠤᠯᠳᠤᠭᠠᠨ ᠤ ᠨᠢᠬᠡᠳᠦᠬᠡᠷ ᠲᠡᠰ ᠤᠨ ᠱᠠᠩᠨᠠᠯ ᠢ ᠬᠦᠷᠳᠡᠵᠡᠢ᠃ ᠲᠡᠬᠦᠨ ᠤ 200 ᠭᠠᠷᠤᠢ ᠱᠤᠬ ᠵᠢᠷᠤᠬ ᠨᠢ ᠲᠡᠯᠡᠬᠡᠢ ᠶᠢᠨ 46 ᠤᠯᠤᠰ ᠤᠷᠤᠨ ᠤ ᠤᠯᠠᠨ ᠤᠯᠤᠰ ᠤᠨ ᠱᠤᠬ ᠵᠢᠷᠤᠬ ᠤᠨ ᠦᠵᠡᠰᠬᠦᠯᠡᠩ ᠳᠤ ᠰᠤᠩᠭᠤᠬᠳᠠᠨ ᠲᠡᠯᠭᠡᠭᠳᠡᠵᠤ᠂ 200 ᠭᠠᠷᠤᠢ ᠱᠠᠩᠨᠠᠯ ᠬᠦᠬᠢᠬᠦᠯᠦᠯ ᠲᠤᠰᠴᠠᠢ᠃

ᠲᠤᠰ ᠤᠳᠠᠭ᠎ᠠ ᠶᠢᠨ ᠱᠤᠬ ᠵᠢᠷᠤᠬ ᠤᠨ ᠦᠵᠡᠰᠬᠦᠯᠡᠩ 10 ᠰᠠᠷ᠎ᠠ ᠶᠢᠨ 12᠎ ᠠᠴᠠ 16᠎ ᠤ ᠡᠳᠦᠷ ᠪᠤᠯᠳᠠᠯ᠎ᠠ ᠶᠠᠪᠤᠬᠳᠠᠨ᠎ᠠ᠃

ᠢᠷᠡᠯᠲᠡ᠄      ᠨᠠᠶᠢᠷᠠᠭᠤᠯᠤᠭᠴᠢ᠄