home
home

    ᠶᠠᠫᠤᠨ ᠲᠠᠯᠠᠢ ᠳᠤ ᠵᠢᠪᠪᠦᠭᠰᠡᠨ ᠬᠤᠪᠢᠯᠠᠢ ᠬᠠᠭᠠᠨ ᠤ ᠭᠦᠯᠭᠡ ᠤᠩᠭᠤᠴᠠ ᠶᠢ ᠢᠯᠡᠷᠡᠭᠦᠯᠪᠡ

2016-10-01  21:32

13 ᠳ᠋ᠤᠭᠠᠷ ᠵᠠᠭᠤᠨ ᠳᠤ ᠬᠤᠪᠢᠯᠠᠢ ᠬᠠᠭᠠᠨ ᠶᠠᠫᠤᠨ ᠢ ᠡᠵᠡᠯᠡᠬᠦ ᠪᠠᠷ ᠲᠦᠮᠡ ᠲᠦᠷᠪᠡᠨ ᠮᠢᠩᠭᠠᠨ ᠴᠡᠷᠢᠭ ᠪᠦᠬᠦᠢ 4000 ᠭᠠᠷᠤᠢ ᠬᠦᠯᠭᠡ ᠤᠩᠭᠤᠴᠠ ᠶᠢ ᠢᠯᠡᠭᠡᠵᠦ ᠪᠠᠶᠢᠵᠠᠢ᠃ ᠬᠠᠷᠠᠮᠰᠠᠯᠳᠠᠢ ᠨᠢ ᠡᠳᠡᠭᠡᠷ ᠤᠩᠭᠤᠴᠠ ᠨᠤᠭᠤᠳ ᠲᠠᠯᠠᠢ ᠶᠢᠨ ᠬᠠᠷ᠎ᠠ ᠰᠠᠯᠬᠢᠨ  ᠳᠤ ᠲᠠᠭᠠᠷᠢᠭᠳᠠᠵᠦ ᠰᠦᠢᠳᠦᠭᠰᠡᠨ ᠶᠤᠮ᠃ ᠰᠤᠳᠤᠯᠭᠠᠴᠢᠳ 2011 ᠤᠨ ᠳᠤ ᠶᠠᠫᠤᠨ ᠤ ᠲᠠᠺᠠᠰᠢᠮᠠ ᠠᠷᠠᠯ ᠤᠨ ᠡᠷᠬᠢ ᠠᠴᠠ 200 ᠮᠧᠲᠷ ᠤᠨ ᠵᠠᠢ ᠳᠤ᠂ ᠲᠠᠯᠠᠢ ᠶᠢᠨ ᠲᠦᠪᠰᠢᠨ ᠠᠴᠠ ᠲᠤᠷᠤᠭᠰᠢ 20 ᠮᠧᠲᠷ ᠤᠨ ᠬᠦᠨ ᠳᠤ 12 ᠮᠧᠲᠷ ᠤᠷᠳᠦ ᠰᠦᠢᠳᠦᠵᠦ ᠵᠢᠪᠪᠦᠭᠰᠡᠨ ᠬᠦᠯᠭᠡ ᠤᠩᠭᠤᠴᠠ ᠶᠢ ᠤᠯᠵᠦ ᠢᠯᠡᠷᠡᠭᠦᠯᠵᠡᠢ᠃ ᠲᠤᠰ ᠤᠩᠭᠤᠴᠠ ᠨᠢ 1274— 1281 ᠤᠨ ᠤ ᠬᠤᠭᠤᠷᠤᠨᠳᠡᠬᠢ ᠮᠤᠩᠭᠤᠯ ᠤᠨ ᠡᠵᠡᠨᠳᠦ ᠬᠦᠷᠦᠨ ᠤ ᠪᠠᠶᠢᠯᠳᠤᠨ ᠲᠠᠭᠠᠭᠤᠯᠬᠤ ᠶᠢᠨ ᠦᠶ᠎ᠡ ᠲᠠᠢ ᠬᠤᠯᠪᠤᠭᠳᠠᠯ ᠲᠠᠢ ᠪᠤᠯᠬᠤ ᠶᠢ ᠲᠤᠭᠳᠠᠭᠭᠠᠭᠰᠠᠨ ᠪᠠᠶᠢᠨ᠎ᠡ᠃ ᠲᠤᠰ ᠬᠦᠯᠭᠡ ᠤᠩᠭᠤᠴᠠ ᠶᠢᠨ ᠡᠷᠬᠢᠨ ᠲᠤᠭᠤᠷᠢᠨ ᠠᠴᠠ ᠲᠤᠮᠳᠠᠳᠦ ᠶᠢᠨ ᠱᠠᠭᠠᠵᠠᠩ ᠤᠨ ᠬᠡᠯᠳᠡᠷᠬᠡᠢ ᠴᠦ ᠤᠯᠳᠠᠭᠰᠠᠨ ᠪᠠᠶᠢᠨ᠎ᠡ᠃ ᠰᠤᠳᠤᠯᠭᠠᠴᠢᠳ ᠬᠦᠯᠭᠡ ᠤᠩᠭᠤᠴᠠ ᠶᠢ ᠲᠠᠯᠠᠢ ᠶᠢᠨ ᠢᠷᠤᠭᠠᠷ ᠠᠴᠠ ᠲᠡᠭᠡᠭᠡᠭᠰᠢ ᠨᠢ ᠡᠷᠭᠦᠬᠦ ᠪᠠᠷ ᠤᠷᠤᠯᠳᠤᠵᠦ ᠪᠠᠶᠢᠭ᠎ᠠ ᠭᠡᠨ᠎ᠡ᠃

ᠢᠷᠡᠯᠲᠡ᠄      ᠨᠠᠶᠢᠷᠠᠭᠤᠯᠤᠭᠴᠢ᠄