home
home

    ᠬᠠᠹᠧ ᠶᠡᠭᠡ ᠰᠤᠷᠭᠠᠭᠤᠯᠢ ᠡᠳᠤᠷ ᠳᠤᠳᠤᠮ ᠤᠨ ᠦᠬᠡ ᠬᠡᠯᠡ ᠪᠠᠨ ᠳᠠᠸᠠᠷ ᠤᠨ ᠳᠡᠮᠳᠡᠭ ᠢᠶᠠᠷ ᠳᠠᠩᠰᠠᠯᠠᠭᠤᠯᠬᠤ ᠪᠠᠷ ᠪᠤᠢ

2016-10-06  11:24

ᠠᠮᠧᠷᠢᠺᠠ ᠶᠢᠨ ᠬᠠᠹᠧ ᠶᠡᠭᠡ ᠰᠤᠷᠭᠠᠭᠤᠯᠢ ᠰᠤᠷᠭᠠᠭᠤᠯᠢ ᠶᠢᠨ ᠳᠤᠳᠤᠨ᠎ᠠ ᠪᠠᠶᠢᠩᠭᠤ ᠬᠡᠷᠡᠭᠯᠡᠳᠡᠭ ᠮᠡᠷᠭᠡᠨ ᠦᠬᠡ ᠰᠤᠷᠭᠠᠯ ᠦᠭᠡ ᠶᠢ ᠳᠠᠸᠠᠷ ᠤᠨ ᠳᠡᠮᠳᠡᠭ ᠢᠶᠠᠷ ᠳᠠᠩᠰᠠᠯᠠᠭᠤᠯᠬᠤ ᠪᠠᠷ ᠪᠤᠢ᠃ ᠮᠡᠳᠡᠭᠡᠯᠡᠭᠰᠡᠨ ᠢᠶᠠᠷ᠂ ᠳᠠᠩᠰᠠᠯᠠᠭᠤᠯᠬᠤ ᠪᠠᠷ ᠪᠠᠶᠢᠬᠤ ᠳᠡᠳᠡᠭᠡᠷ ᠡᠳᠤᠷ ᠳᠤᠳᠤᠮ ᠤᠨ ᠦᠬᠡ ᠬᠡᠯᠡ ᠳᠤ 《ᠶᠠᠭᠤ ᠪᠦᠳᠦᠭᠡᠵᠤ ᠳᠡᠶᠢᠯᠬᠦ ᠪᠠᠨ ᠪᠡᠶ᠎ᠡ ᠠᠴᠠ ᠪᠠᠨ ᠠᠰᠠᠭᠤ》 ᠋᠂ 《ᠰᠤᠷᠭᠠᠮᠵᠢ ᠠᠪᠤᠶ᠎ᠠ》 ᠋᠂ 《 ᠦᠪᠡᠷ ᠪᠡᠶ᠎ᠡ ᠶᠢᠨ ᠬᠠᠮᠢᠶᠠᠷᠤᠯᠳᠠ》 ᠋ ᠵᠡᠷᠭᠡ ᠪᠠᠭᠳᠠᠨ᠎ᠠ᠃

1960 ᠤᠨ ᠳᠤ ᠠᠮᠧᠷᠢᠺᠠ ᠶᠢᠨ ᠤᠷᠢᠳᠤ ᠶᠢᠨ ᠶᠡᠷᠦᠩᠬᠡᠶᠢᠯᠡᠭᠴᠢ ᠵᠤᠨ — ᠺᠧᠨᠨᠢᠳᠢ ᠳᠤᠰᠢᠶᠠᠯ ᠳᠤ ᠭᠠᠷᠬᠤ ᠶᠠᠷᠢᠶ᠎ᠠ ᠳᠠᠯᠪᠢᠬᠤ ᠳᠠᠭᠠᠨ ᠬᠦᠮᠤᠰ ᠢ 《ᠤᠯᠤᠰ ᠠᠴᠠ ᠴᠢᠮ᠎ᠠ ᠳᠤ ᠶᠠᠭᠤ ᠬᠢᠵᠤ ᠦᠭᠬᠦ ᠶᠢ ᠪᠤᠤ ᠠᠰᠠᠭᠤ᠂ ᠴᠢ ᠶᠠᠭᠤ ᠪᠦᠳᠦᠭᠡᠵᠤ ᠳᠡᠶᠢᠯᠬᠦ  ᠪᠠᠨ ᠪᠡᠶ᠎ᠡ ᠠᠴᠠ ᠪᠠᠨ ᠠᠰᠠᠭᠤ》 ᠋ ᠬᠡᠵᠤ ᠬᠦᠰᠡᠨ ᠤᠷᠢᠶᠠᠯᠠᠬᠰᠠᠨ ᠪᠠᠶᠢᠵᠠᠢ᠃ ᠳᠡᠶᠢᠨᠬᠦ 《ᠴᠢ ᠶᠠᠭᠤ ᠪᠦᠳᠦᠭᠡᠵᠤ ᠳᠡᠶᠢᠯᠬᠦ ᠪᠠᠨ ᠪᠡᠶ᠎ᠡ  ᠠᠴᠠ ᠪᠠᠨ ᠠᠰᠠᠭᠤ》 ᠋ ᠬᠡᠳᠡᠭ ᠦᠭᠡ ᠬᠠᠹᠧ ᠶᠡᠭᠡ ᠰᠤᠷᠭᠠᠭᠤᠯᠢ ᠶᠢᠨ ᠺᠧᠨᠨᠢᠳᠢ ᠶᠢᠨ ᠵᠠᠰᠠᠬ ᠤᠨ ᠤᠷᠳᠤᠨ ᠤ ᠳᠡᠭᠡᠳᠤ ᠰᠤᠷᠭᠠᠭᠤᠯᠢ  ᠶᠢᠨ ᠤᠷᠢᠶ᠎ᠠ ᠪᠤᠯᠤᠬᠰᠠᠨ ᠪᠠᠶᠢᠨ᠎ᠠ᠃ 《ᠰᠤᠷᠭᠠᠮᠵᠢ ᠠᠪᠤᠶ᠎ᠠ》 ᠋᠂ 《ᠦᠪᠡᠷ ᠪᠡᠶ᠎ᠡ ᠶᠢᠨ ᠬᠠᠮᠢᠶᠠᠷᠤᠯᠳᠠ》 ᠋ ᠭᠡᠳᠡᠭ ᠨᠢ ᠬᠠᠹᠧ ᠶᠡᠭᠡ ᠰᠤᠷᠭᠠᠭᠤᠯᠢ ᠶᠢᠨ ᠬᠤᠳᠠᠯᠳᠤᠭᠠᠨ ᠤ ᠳᠡᠭᠡᠳᠤ ᠰᠤᠷᠭᠠᠭᠤᠯᠢ ᠠᠴᠠ ᠬᠡᠪᠯᠡᠬᠦᠯᠦᠭᠰᠡᠨ ᠴᠤᠪᠤᠷᠠᠯ ᠨᠤᠮ ᠤᠨ ᠨᠡᠷ᠎ᠡ ᠪᠤᠯᠤᠨ᠎ᠠ᠃ ᠡᠳᠡᠭᠡᠷ ᠤᠷᠢᠶ᠎ᠠ ᠶᠢ ᠳᠡᠯᠭᠡᠷᠡᠭᠦᠯᠬᠦ ᠶᠢᠨ ᠲᠦᠯᠦᠬᠡ ᠬᠠᠹᠧ ᠶᠡᠭᠡ ᠰᠤᠷᠭᠠᠭᠤᠯᠢ ᠶᠡᠬᠡᠬᠡᠨ ᠬᠦᠴᠤ ᠬᠦᠯᠦᠰᠤ ᠤᠷᠤᠭᠤᠯᠤᠬᠰᠠᠨ ᠪᠢᠯᠠ᠃

ᠬᠡᠳᠡᠯ᠎ᠡ ᠵᠠᠷᠢᠮ ᠬᠠᠤᠯᠢ ᠪᠤᠰᠤ ᠦᠢᠯᠡᠳᠪᠤᠷᠢ ᠬᠤᠳᠠᠯᠳᠤᠭ᠎ᠠ ᠬᠠᠹᠧ ᠶᠢᠨ ᠮᠡᠷᠭᠡᠨ ᠦᠭᠡ ᠰᠤᠷᠭᠠᠯ ᠦᠭᠡ ᠶᠢ ᠬᠤᠯᠠᠭᠤᠨ ᠬᠡᠷᠡᠭᠯᠡᠵᠤ ᠪᠠᠷᠠᠭ᠎ᠠ ᠳᠠᠸᠠᠷ ᠢᠶᠠᠨ ᠪᠤᠷᠤᠯᠠᠭᠤᠯᠵᠤ ᠪᠠᠶᠢᠬᠤ ᠠᠴᠠ ᠲᠦᠷᠥᠯ ᠳᠡᠮᠳᠡᠭ ᠢᠶᠠᠨ ᠬᠠᠮᠠᠭᠠᠯᠠᠬᠤ ᠠᠰᠠᠭᠤᠳᠠᠯ ᠢ ᠰᠤᠷᠭᠠᠭᠤᠯᠢ ᠶᠢᠨ ᠬᠢᠨ ᠠᠩᠬᠠᠷᠤᠯ ᠳᠠᠭᠠᠨ ᠠᠪᠴᠠᠢ᠃ ᠳᠠᠸᠠᠷ ᠤᠨ ᠳᠡᠮᠳᠡᠭ ᠳᠠᠩᠰᠠᠯᠠᠭᠤᠯᠬᠤ ᠪᠠᠷ ᠡᠷᠡᠮᠡᠯᠵᠡᠯᠡᠭᠰᠡᠨ ᠨᠢ ᠰᠠᠷᠬᠡᠶᠢᠯᠡᠨ ᠰᠡᠷᠡᠮᠵᠢᠯᠡᠬᠦ ᠰᠢᠨᠵᠢᠳᠡᠢ ᠠᠷᠭ᠎ᠠ ᠬᠡᠮᠵᠢᠶ᠎ᠡ ᠪᠤᠯᠤᠨ᠎ᠠ᠃

ᠢᠷᠡᠯᠲᠡ᠄      ᠨᠠᠶᠢᠷᠠᠭᠤᠯᠤᠭᠴᠢ᠄