home
home

    ᠮᠤᠩᠭᠤᠯ ᠲᠡᠤᠭᠡ ᠰᠤᠶᠤᠯ ᠤᠨ ᠮᠡᠳᠡᠯᠭᠡ ᠮᠠᠷᠳᠠᠵᠦ ᠪᠤᠯᠤᠰᠢ ᠦᠭᠡᠢ ᠦᠪ

2016-10-06  17:57

4 ᠰᠠᠷ᠎ᠡ ᠶᠢᠨ 23  ᠋  ᠋ ᠤ ᠡᠳᠤᠷ᠂ ᠬᠦᠪᠡᠭᠡᠳᠤ ᠰᠢᠷ᠎ᠡ ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ ᠶᠢᠨ ᠮᠦᠩᠭᠡ ᠲᠤᠯᠭ᠎ᠠ ᠬᠦᠳᠡᠯᠪᠦᠷᠢ ᠶᠢᠨ ᠭᠡᠷ ᠲᠤ ᠮᠤᠩᠭᠤᠯ ᠭᠤᠶᠤᠯᠠᠯ ᠵᠠᠰᠠᠯ ᠲᠠᠢ ᠪᠠᠭᠰᠢ ᠰᠤᠷᠤᠭᠴᠢᠳ ᠴᠤᠭᠯᠠᠷᠠᠨ ᠤᠨᠴᠠ ᠶᠢᠨ ᠬᠦᠭᠵᠢᠶᠡᠨ ᠲᠠᠢ ᠪᠠᠶᠢᠯ᠎ᠡ᠃ 《ᠲᠡᠯᠡᠭᠡᠢ ᠶᠢᠨ ᠨᠤᠮ ᠤᠩᠰᠢᠬᠤ》 ᠋ ᠡᠳᠤᠷ ᠢ ᠪᠡᠯᠭᠡᠯᠡᠬᠦ ᠮᠤᠩᠭᠤᠯ ᠲᠤᠮᠳᠠᠳᠤ ᠰᠤᠷᠭᠠᠭᠤᠯᠢ ᠶᠢᠨ 《ᠨᠤᠮ ᠡᠷᠳᠡᠨᠢ》 ᠋ᠰᠢᠷᠢᠰ ᠠᠵᠢᠯᠯᠠᠭ᠎ᠠ ᠶᠢᠨ ᠨᠢᠭᠡ ᠪᠤᠯᠬᠤ 《ᠬᠤᠶᠠᠳᠠᠬᠢ ᠤᠳᠠᠭᠠᠨ ᠤ ᠮᠤᠩᠭᠤᠯ ᠲᠡᠤᠭᠡ ᠰᠤᠶᠤᠯ ᠤᠨ ᠮᠡᠳᠡᠯᠭᠡ ᠶᠢᠨ ᠤᠷᠤᠯᠳᠤᠭᠠᠨ》 ᠋ ᠶᠠᠪᠤᠭᠳᠠᠵᠤ ᠪᠠᠶᠢᠭ᠎ᠠ ᠨᠢ ᠡᠨᠡ ᠪᠠᠶᠢᠯ᠎ᠠ᠃

ᠬᠦᠪᠡᠭᠡᠳᠤ ᠰᠢᠷ᠎ᠡ ᠬᠤᠰᠢᠭᠤᠨ ᠤ ᠮᠤᠩᠭᠤᠯ ᠲᠤᠮᠳᠠᠳᠤ ᠰᠤᠷᠭᠠᠭᠤᠯᠢ ᠨᠢᠰᠤᠷᠤᠭᠴᠢᠳ  ᠶᠢᠨ ᠢᠶᠠᠨ ᠮᠡᠳᠡᠯᠭᠡ ᠮᠡᠳᠡᠴᠡ᠂ ᠮᠤᠩᠭᠤᠯ ᠲᠡᠤᠭᠡ᠂ ᠨᠡᠬᠦᠳᠡᠯ ᠠᠮᠢᠳᠤᠷᠠᠯ᠂ ᠵᠠᠩ ᠵᠠᠩᠰᠢᠯ᠂ ᠬᠤᠰᠢᠭᠤ ᠨᠤᠳᠤᠭ ᠤᠨ ᠲᠡᠤᠭᠡ ᠰᠤᠶᠤᠯ ᠢ ᠪᠠᠳᠤᠳᠬᠠᠨ ᠡᠵᠡᠮᠰᠢᠵᠤ᠂ ᠦᠪᠯᠡᠨ ᠤᠯᠠᠮᠵᠢᠯᠠᠭᠤᠯᠬᠤ ᠶᠢᠨ ᠵᠤᠷᠢᠯᠭ᠎ᠠ ᠠᠴᠠ ᠰᠤᠷᠤᠭᠴᠢᠳ ᠲᠠᠭᠠᠨ ᠠᠯᠢ ᠤᠯᠠᠨ ᠠᠭᠤᠯᠭ᠎ᠠ ᠪᠠᠶᠠᠯᠢᠭ ᠠᠵᠢᠯᠯᠠᠭ᠎ᠠ ᠬᠦᠳᠡᠯᠪᠤᠷᠢ ᠦᠷᠨᠢᠬᠦᠯᠵᠤ ᠪᠠᠶᠢᠳᠠᠭ ᠤᠨ ᠨᠢᠭᠡ ᠨᠢ ᠡᠨᠡ ᠡᠳᠤᠷ ᠤᠨ 《ᠮᠤᠩᠭᠤᠯ ᠲᠡᠤᠭᠡ ᠰᠤᠶᠤᠯ ᠤᠨ ᠮᠡᠳᠡᠯᠭᠡ ᠶᠢᠨ ᠤᠷᠤᠯᠳᠤᠭᠠᠨ》 ᠋ ᠪᠢᠯᠡ᠃

ᠲᠤᠰ ᠤᠳᠠᠭᠠᠨ ᠤ ᠮᠡᠳᠡᠯᠭᠡ ᠶᠢᠨ ᠤᠷᠤᠯᠳᠤᠭᠠᠨ ᠢ ᠠᠩᠬ᠎ᠠ ᠨᠢᠭᠡᠳᠤᠭᠡᠷ ᠤᠨ ᠤ ᠲᠤᠭᠤᠶᠢᠯᠠᠩ ᠠᠴᠠ ᠡᠷᠬᠢᠯᠡᠨ ᠶᠠᠪᠤᠭᠳᠠᠭᠤᠯᠵᠤ᠂ᠠᠩᠬ᠎ᠠ ᠨᠢᠭᠡ ᠤᠨ ᠤ ᠠᠩᠬᠢ ᠪᠦᠷᠢ ᠠᠴᠠ 22 ᠨᠡᠷ᠎ᠡ ᠰᠤᠷᠤᠭᠴᠢ ᠶᠢ ᠰᠤᠩᠭᠤᠨ ᠨᠠᠶᠢᠳᠠ 132 ᠨᠡᠷ᠎ᠡ ᠰᠤᠷᠤᠭᠴᠢ ᠮᠡᠳᠡᠯᠭᠡ ᠶᠢᠨ ᠤᠷᠤᠯᠳᠤᠭᠠᠨ ᠳᠤ ᠤᠷᠤᠯᠴᠠᠵᠠᠢ᠃ ᠤᠷᠤᠯᠴᠠᠭᠰᠠᠨ ᠰᠤᠷᠤᠭᠴᠢ ᠪᠦᠷᠢ ᠳᠤ ᠭᠤᠷᠪᠡᠨ ᠱᠠᠭ᠎ᠠ ᠦᠭᠴᠦ᠂ ᠰᠡᠳᠦᠪ ᠬᠠᠷᠢᠭᠤᠯᠬᠤ ᠳᠤ ᠤᠷᠤᠯᠴᠠᠭᠤᠯᠤᠨ᠎ᠠ᠃ ᠭᠡᠷᠪᠡ ᠨᠢᠭᠡ ᠰᠡᠳᠤᠪ ᠬᠠᠷᠢᠭᠤᠯᠵᠤ ᠴᠢᠳᠠᠬᠤ ᠦᠭᠡᠢ ᠪᠤᠶᠤ ᠪᠤᠷᠤᠭᠤ ᠬᠠᠷᠢᠭᠤᠯᠪᠠᠯ ᠨᠢᠭᠡ ᠱᠠᠭ᠎ᠠ ᠪᠠᠨ ᠤᠭᠤᠳᠠᠨ ᠳᠤ ᠬᠢᠨ᠎ᠡ᠂ ᠢᠩᠬᠢᠭᠡᠳ ᠭᠤᠷᠪᠠᠨ ᠰᠡᠳᠦᠪ ᠪᠤᠷᠤᠭᠤ ᠬᠠᠷᠢᠭᠤᠯᠪᠠᠯ ᠭᠤᠷᠪᠡᠨ ᠱᠠᠭ᠎ᠠ ᠪᠠᠨ ᠪᠦᠬᠦᠨ ᠢ ᠠᠯᠳᠠᠵᠤ ᠤᠷᠤᠯᠳᠤᠭᠠᠨ ᠠᠴᠠ ᠰᠢᠭᠰᠢᠭᠳᠡᠨ᠂ ᠱᠠᠭ᠎ᠠ ᠲᠠᠢ ᠪᠠᠶᠢᠭ᠎ᠠ ᠰᠤᠷᠤᠭᠴᠢᠳ ᠨᠢ ᠦᠷᠬᠦᠯᠵᠢᠯᠡᠨ ᠤᠷᠤᠯᠳᠤᠭᠠᠨ ᠳᠤ ᠤᠷᠤᠯᠴᠠᠬᠤ ᠨᠢ ᠰᠢᠨ᠎ᠡ ᠰᠡᠪᠬᠦᠨ ᠤᠷᠤᠯᠳᠤᠭᠠᠨ ᠤ ᠲᠦᠷᠢᠮ ᠪᠤᠯᠤᠭᠰᠠᠨ ᠪᠠᠶᠢᠨ᠎ᠠ᠃ ᠬᠤᠷᠴᠠ ᠰᠢᠷᠤᠬᠦᠨ ᠰᠡᠳᠤᠪ ᠬᠠᠷᠢᠭᠤᠯᠬᠤ ᠮᠦᠷᠦᠶᠢᠴᠡᠭᠡᠨ ᠢᠶᠠᠷ ᠲᠠᠮᠵᠢᠨ᠂ ᠠᠩᠬ᠎ᠠ 172 ᠠᠩᠬᠢ ᠶᠢᠨ ᠠᠪᠤᠷᠠᠭᠴᠢ ᠲᠡᠷᠢᠬᠦᠯᠡᠵᠤ᠂ ᠠᠩᠬ᠎ᠠ 176 ᠠᠩᠬᠢ ᠶᠢᠨ ᠠᠰᠬᠠᠨ ᠲᠡᠳ᠋ᠯᠡᠪᠡ᠃ ᠠᠩᠬᠢ ᠨᠢᠭᠡᠴᠡ ᠪᠠᠷ ᠢᠶᠠᠨ 172 ᠠᠩᠬᠢ ᠨᠢ ᠶᠡᠷᠤᠩᠭᠡᠢ ᠬᠤᠪᠢ ᠶᠢᠨ ᠨᠢᠭᠡᠳᠤᠭᠡᠷ ᠠᠪᠴᠦ᠂ 176᠂ 173 ᠠᠩᠬᠢ ᠨᠢ ᠬᠤᠶᠠᠷ ᠭᠤᠷᠪᠡᠳᠤᠭᠠᠷ ᠲᠤ ᠲᠤᠳᠤᠷᠡᠪᠡ᠃

ᠢᠷᠡᠯᠲᠡ᠄      ᠨᠠᠶᠢᠷᠠᠭᠤᠯᠤᠭᠴᠢ᠄