home
home

    ᠭᠠᠳᠠᠭᠠᠳᠤᠴᠤᠳ ᠤᠨ ᠭᠡᠦᠭᠡᠳ ᠢᠶᠠᠨ ᠰᠤᠷᠭᠠᠬᠤ ᠠᠷᠭ᠎ᠠ

2016-10-06  20:12

1. ᠭᠡᠦᠭᠡᠳ ᠨᠢ ᠤᠢᠢᠴᠢᠭᠰᠠᠨ ᠴᠤ ᠦᠪᠡᠷ ᠢᠶᠠᠨ ᠪᠤᠰ ᠭᠡᠵᠦ ᠭᠡᠯᠡᠳᠡᠭ ᠠᠴᠠ ᠪᠢᠰᠢ ᠡᠷᠬᠦᠵᠦ ᠪᠤᠰᠬᠠᠬᠤ ᠦᠭᠡᠢ ᠪᠠᠶᠢᠳᠠᠭ᠃ ᠡᠨᠡ ᠨᠢ ᠬᠦᠮᠦᠨ ᠨᠤᠭᠤᠷᠠᠯ ᠪᠦᠳᠦᠷᠢᠯ ᠤᠨ ᠳᠤᠮᠳᠠ ᠦᠰᠦᠨ ᠪᠤᠶᠢᠵᠢᠵᠤ ᠪᠠᠶᠢᠳᠠᠭ ᠭᠡᠬᠦ ᠶᠤᠰᠤ ᠤᠴᠢᠷ ᠢ ᠭᠡᠦᠭᠡᠳ ᠲᠡᠭᠡᠨ ᠮᠡᠳᠡᠬᠦᠯᠬᠦ ᠭᠡᠰᠡᠨ ᠶᠠᠪᠤᠳᠠᠯ ᠪᠤᠯᠤᠨ᠎ᠠ᠃

2. ᠤᠯᠤᠰ ᠤᠨ ᠳᠤᠭ ᠢᠶᠠᠨ ᠤᠯᠵᠤ ᠬᠠᠷᠠᠪᠡᠯ᠂ ᠭᠡᠦᠭᠡᠳ ᠢᠶᠠᠨ ᠵᠤᠭᠰᠤᠭᠠᠭᠠᠳ ᠤᠯᠤᠰ ᠤᠨ ᠳᠤᠭ ᠢ ᠬᠤᠶᠠᠷ ᠮᠢᠨᠦ᠋ᠲ ᠰᠢᠷᠳᠡᠬᠦᠯᠵᠤ ᠪᠠᠶᠢᠳᠠᠭ᠃

3. ᠮᠡᠳᠡᠯᠭᠡ ᠡᠵᠡᠮᠰᠢᠬᠦᠯᠬᠦ ᠪᠠᠷ ᠭᠤᠤᠯ ᠪᠤᠯᠭᠠᠵᠤ ᠭᠡᠦᠭᠡᠳ ᠢᠶᠠᠨ ᠳᠠᠭᠠᠭᠤᠯᠤᠨ ᠠᠮᠢᠳᠠᠨ ᠤ ᠬᠦᠷᠢᠶᠡᠯᠡᠩ ᠢᠶᠠᠷ ᠳᠤᠭᠤᠷᠢᠵᠤ ᠪᠠᠶᠢᠳᠠᠭ᠃

4. ᠨᠤᠭᠤᠭᠠᠨ ᠦᠩᠭᠡ ᠶᠢ ᠪᠠᠭ᠋ᠠᠳᠤᠵᠤ᠂ ᠠᠮᠢ ᠨᠠᠰᠤ ᠪᠠᠨ ᠬᠠᠶᠢᠷᠠᠯᠠᠬᠤ ᠦᠵᠡᠯ ᠤᠬᠠᠮᠰᠠᠷ ᠲᠠᠢ ᠪᠤᠯᠭᠠᠬᠤ ᠶᠢᠨ ᠳᠦᠯᠦᠭᠡ ᠭᠡᠦᠭᠡᠳ ᠢᠶᠠᠨ ᠳᠠᠭᠠᠭᠤᠯᠵᠤ ᠴᠡᠴᠡᠷᠯᠢᠭ ᠢᠶᠠᠷ ᠳᠤᠭᠤᠷᠢᠨ᠂ ᠤᠢ ᠰᠢᠭᠤᠢ ᠪᠠᠷ ᠵᠤᠭᠠᠴᠠᠵᠤ ᠪᠠᠶᠢᠳᠠᠭ᠃

5. ᠬᠦᠮᠦᠨ ᠨᠢᠭᠡᠪᠤᠷᠢ ᠨᠠᠷᠢᠨ ᠬᠢᠨᠠᠮᠠᠭᠠᠢ ᠤᠪᠤᠷ ᠢᠶᠠᠷ ᠬᠦᠮᠦᠰ ᠲᠠᠢ ᠬᠠᠷᠢᠯᠴᠠᠨ ᠠᠵᠢᠯ ᠶᠠᠪᠤᠳᠠᠯ ᠬᠦᠢᠴᠡᠳᠭᠡᠬᠦ ᠠᠮᠢᠳᠤᠷᠠᠯ ᠤᠨ ᠵᠠᠩ ᠵᠠᠩᠰᠢᠯ ᠲᠠᠢ ᠪᠤᠯᠬᠤ ᠴᠢᠬᠤᠯᠠ ᠲᠠᠢ ᠪᠠᠶᠢᠳᠠᠭ ᠭᠡᠬᠦ ᠶᠤᠰᠤ ᠤᠴᠢᠷ ᠢ ᠭᠡᠦᠭᠡᠳ ᠲᠡᠭᠡᠨ ᠤᠢᠢᠯᠠᠭᠠᠭᠤᠯᠤᠨ ᠮᠡᠳᠡᠬᠦᠯᠳᠡᠭ᠃

6. ᠭᠡᠦᠭᠡᠳ ᠢᠶᠠᠨ ᠮᠠᠰᠢ ᠶᠡᠭᠡ ᠬᠠᠯᠠᠭᠤᠨ ᠰᠡᠳᠬᠢᠯ ᠲᠠᠢ᠂ ᠢᠳᠡᠪᠬᠢᠳᠡᠢ ᠳᠠᠪᠰᠢᠬᠤ ᠵᠤᠷᠢᠭ ᠰᠠᠨᠠᠭ᠎ᠠ ᠲᠠᠢ ᠪᠠᠶᠢᠬᠤ ᠬᠦᠮᠦᠨ ᠪᠤᠯᠭᠠᠨ ᠬᠦᠮᠦᠵᠢᠬᠦᠯᠵᠦ ᠪᠠᠶᠢᠳᠠᠭ᠃

7. ᠠᠵᠤ ᠠᠮᠢᠳᠤᠷᠠᠯ ᠤᠨ ᠨᠦᠬᠦᠴᠡᠯ ᠢᠶᠠᠷ ᠮᠠᠰᠢ ᠰᠠᠶᠢᠨ ᠪᠠᠶᠢᠭᠰᠠᠨ ᠴᠤ ᠭᠡᠦᠭᠡᠳ ᠤᠨ ᠢᠶᠠᠨ ᠦᠪᠡᠷ ᠢᠶᠠᠨ ᠬᠦᠳᠡᠯᠮᠦᠷᠢᠯᠡᠨ ᠮᠦᠩᠬᠦ ᠵᠤᠭᠤᠰ ᠤᠯᠵᠤ᠂ᠦᠪᠡᠷ ᠤᠨ ᠰᠤᠷᠤᠯᠭ᠎ᠠ ᠶᠢᠨ ᠭᠡᠰᠡᠭ ᠵᠠᠷᠤᠳᠠᠯ ᠪᠤᠶᠦ ᠳᠠᠭᠠᠳᠬᠠᠯ ᠤᠨ ᠭᠡᠰᠡᠭ ᠮᠦᠩᠬᠦ ᠪᠠᠨ ᠳᠤᠰᠢᠶᠠᠵᠤ ᠪᠠᠶᠢᠬᠤ ᠶᠢ ᠵᠤᠷᠢᠬᠵᠢᠭᠤᠯᠵᠤ ᠪᠠᠶᠢᠳᠠᠭ᠃

8.16 ᠨᠠᠰᠤ ᠦᠩᠭᠡᠷᠡᠭᠰᠡᠨ ᠭᠡᠦᠭᠡᠳ ᠤᠨ ᠢᠶᠠᠨ ᠰᠤᠷᠭᠠᠭᠤᠯᠢ ᠶᠢᠨ ᠴᠢᠯᠦᠭᠡ ᠳᠠᠯᠪᠢᠭᠰᠠᠨ ᠬᠤᠭᠤᠴᠠᠭᠠᠨ ᠳᠤ ᠴᠠᠭᠴᠢᠯᠠᠭᠰᠠᠨ ᠠᠵᠢᠯ ᠡᠷᠢᠨ ᠬᠢᠵᠤ᠂ ᠬᠢᠷᠢ ᠴᠢᠳᠠᠯ ᠳᠠᠭᠠᠨ ᠵᠤᠬᠢᠴᠠᠭᠤᠯᠤᠨ ᠬᠦᠳᠡᠯᠮᠦᠷᠢᠯᠡᠨ ᠠᠵᠢᠯᠯᠠᠬᠤ ᠶᠢ ᠵᠤᠷᠢᠬᠵᠢᠭᠤᠯᠵᠤ ᠪᠠᠶᠢᠳᠠᠭ᠃

9. ᠨᠠᠰᠤᠳᠠᠶᠢᠴᠤᠳ᠂ ᠴᠡᠷᠢᠭ ᠤᠨ ᠬᠦᠮᠦᠨ᠂ ᠴᠠᠭᠳᠠᠭ᠎ᠠ᠂ ᠭᠠᠯ ᠰᠡᠷᠭᠡᠶᠢᠯᠡᠨ ᠤᠨᠳᠠᠷᠠᠭᠠᠭᠴᠢ᠂ ᠵᠠᠮ ᠴᠡᠪᠡᠷᠯᠡᠭᠴᠢ᠂ ᠪᠠᠭᠰᠢ ᠪᠤᠯᠤᠨ ᠡᠮᠴᠢ ᠶᠢ ᠬᠦᠨᠳᠦᠳᠭᠡᠬᠦ ᠭᠡᠷᠡᠭᠳᠡᠢ ᠭᠡᠵᠦ ᠭᠡᠦᠭᠡᠳ ᠢᠶᠠᠨ ᠰᠤᠷᠭᠠᠵᠤ ᠪᠠᠶᠢᠳᠠᠭ᠃

10. ᠭᠡᠦᠭᠡᠳ ᠲᠡᠭᠡᠨ ᠳᠠᠭᠤᠤ ᠬᠦᠭᠵᠢᠮ ᠤᠨ ᠰᠤᠷᠭᠠᠨ ᠬᠦᠮᠦᠵᠢᠯ ᠬᠦᠷᠳᠡᠭᠡᠵᠤ᠂ ᠪᠧᠲ᠋ᠤᠹᠧᠨ᠂ ᠱᠤᠫᠢᠨ᠂ ᠮᠤᠵᠠᠷᠲ ᠵᠡᠷᠭᠡ ᠤᠮᠤᠭᠰᠢᠯ ᠢᠶᠠᠨ ᠪᠤᠯᠭᠠᠭᠤᠰᠢᠳᠠᠢ ᠬᠦᠮᠦᠰ ᠤᠨ ᠪᠦᠳᠦᠭᠡᠯ ᠢ ᠰᠤᠨᠢᠷᠬᠠᠵᠤ ᠴᠢᠳᠠᠬᠤ ᠪᠤᠯᠭᠠᠳᠠᠭ᠃

11. ᠭᠡᠦᠭᠡᠳ ᠤᠨ ᠢᠶᠠᠨ ᠳᠠᠶᠢᠰᠠᠨ ᠳᠤ ᠭᠠᠷᠴᠤ ᠶᠠᠷᠢᠬᠤ᠂ ᠳᠠᠭᠤᠯᠠᠬᠤ᠂ ᠪᠦᠵᠢᠭᠯᠡᠬᠦ᠂ ᠤᠷᠠᠨ ᠤᠩᠰᠢᠯᠭ᠎ᠠ ᠤᠩᠰᠢᠬᠤ ᠶᠢ ᠵᠤᠷᠢᠬᠵᠢᠭᠤᠯᠵᠤ ᠪᠠᠶᠢᠳᠠᠭ᠃

ᠢᠷᠡᠯᠲᠡ᠄      ᠨᠠᠶᠢᠷᠠᠭᠤᠯᠤᠭᠴᠢ᠄