home
home

    ᠮᠤᠩᠭᠤᠯ ᠨᠤᠮ ᠤᠨ ᠰᠠᠩ ᠤᠨ ᠲᠡᠪᠵᠢᠶᠡᠨ ᠢ ᠪᠢ ᠤᠮᠳᠠᠭᠠᠰᠤᠭᠰᠠᠨ ᠰᠢᠬ ᠬᠦᠰᠡᠯ᠎ᠡ

2016-10-07  20:35

ᠭᠠᠷᠠᠭ ᠤᠨ ᠵᠢᠷᠭᠤᠭᠠᠨ ᠪᠦᠷᠢ ᠭᠡᠦᠭᠡᠳ ᠢᠶᠠᠨ ᠲᠠᠭᠠᠭᠤᠯᠵᠦ ᠮᠤᠩᠭᠤᠯ ᠨᠤᠮ ᠤᠨ ᠰᠠᠩ ᠢᠶᠠᠷ ᠡᠷᠬᠢᠴᠡᠳᠡᠭ ᠨᠢ ᠮᠢᠨᠦ ᠵᠤᠷᠰᠢᠯ᠃ ᠭᠡᠦᠭᠡᠳ ᠬᠡᠯᠡ ᠪᠠᠨ ᠤᠯᠠᠮᠵᠢᠯᠠᠯ ᠢᠶᠠᠨ ᠰᠢᠬ ᠰᠠᠶᠢᠬᠠᠨ ᠰᠤᠷᠴᠢᠬᠠᠬᠤ ᠶᠢ ᠬᠦᠰᠡᠭᠰᠡᠨ ᠰᠠᠨᠠᠭ᠎ᠠ ᠲᠠᠪᠠᠮᠠᠭᠠᠢ ᠪᠠᠶᠢᠷᠢ ᠶᠢ ᠡᠵᠡᠯᠡᠵᠦ ᠪᠠᠶᠢᠪᠠᠴᠤ᠂ ᠲᠡᠩᠳᠡᠬᠦᠦ ᠦᠢᠮᠡᠭᠡᠨ ᠱᠤᠤᠬᠢᠶᠠᠨ᠂ ᠠᠵᠢᠯ ᠤᠨ ᠶᠠᠳᠠᠷᠠᠭ᠎ᠠ ᠠᠴᠠ ᠲᠦᠷ ᠴᠤ ᠭᠡᠰᠡᠨ ᠰᠠᠯᠵᠦ᠂ ᠨᠠᠮ ᠬᠦᠮ ᠤᠷᠴᠢᠨ ᠳᠤ ᠲᠤᠭᠤᠭᠰᠠᠨ ᠭᠡᠳᠦᠨ ᠵᠤᠬᠢᠶᠠᠯ ᠢᠶᠠᠨ ᠤᠩᠰᠢᠵᠦ᠂ ᠰᠡᠳᠬᠢᠯ ᠰᠡᠷᠬᠦᠭᠡᠳ ᠠᠪᠬᠤ ᠨᠢ ᠬᠠᠷᠢᠨ ᠮᠢᠨᠦ ᠦᠪᠡᠷ ᠲᠤ ᠪᠠᠨ ᠦᠭᠬᠦᠭᠰᠡᠨ ᠱᠠᠩᠨᠠᠯ ᠪᠤᠶᠤ ᠬᠤᠪᠢᠨᠴᠢᠷ ᠬᠢᠳᠡᠯ ᠮᠢᠨᠢ ᠲᠡᠷᠡ᠃

ᠡᠨᠡ ᠭᠠᠷᠠᠭ ᠤᠨ ᠵᠢᠷᠭᠤᠭᠠᠨ ᠤ ᠪᠠᠭ᠎ᠠ ᠦᠳᠡ ᠶᠢᠨ ᠦᠶ᠎ᠡ ᠪᠠᠷ ᠪᠢᠳᠠ ᠲᠦᠷᠪᠡᠬᠦᠯᠡ ᠦᠪᠦᠷ ᠮᠤᠩᠭᠤᠯ ᠤᠨ ᠨᠤᠮ ᠤᠨ ᠰᠠᠩ ᠤᠨ ᠭᠡᠦᠭᠡᠳ ᠤᠨ ᠤᠩᠰᠢᠯᠭ᠎ᠠ ᠶᠢᠨ ᠦᠷᠦᠭᠡᠨ ᠳᠤ ᠬᠦᠷᠴᠦ᠂ ᠦᠪᠡᠷ ᠦᠪᠡᠷ ᠤᠨ ᠲᠤᠷᠠᠳᠠᠢ ᠨᠤᠮ ᠢᠶᠠᠨ ᠠᠪᠴᠤ ᠨᠠᠮ ᠵᠢᠮ ᠰᠠᠭᠤᠵᠠᠭᠠᠯ᠎ᠠ᠃

ᠨᠤᠮ ᠤᠩᠰᠢᠬᠤ ᠠᠴᠠ ᠪᠠᠨ ᠡᠮᠦᠨ᠎ᠡ ᠲᠠᠭᠠᠯᠠᠮᠵᠢᠳᠠᠢ ᠰᠡᠯᠡᠬᠦᠨ ᠤᠩᠰᠢᠯᠭ᠎ᠠ ᠶᠢᠨ ᠤᠷᠴᠢᠨ ᠳᠤ ᠨᠢᠳᠤ ᠬᠠᠶᠠᠪᠠᠯ᠂ ᠮᠠᠨ ᠤ ᠨᠦᠬᠦᠷ ᠪᠠᠯᠭᠠᠨᠰᠠᠩ ᠤᠨ ᠵᠢᠷᠤᠭᠳᠤ ᠲᠡᠪᠳᠡᠷ ᠢ ᠱᠤᠮᠳᠠᠢ ᠱᠠᠭᠠᠢᠢᠵᠦ ᠪᠠᠶᠢᠨ᠎ᠠ᠃ ᠭᠡᠦᠭᠡᠨ ᠮᠢᠨᠢ ᠵᠢᠷᠤᠭ ᠨᠢ ᠢᠯᠡᠬᠦᠦ ᠦᠰᠦᠭ ᠨᠢ ᠴᠦᠭᠡᠨ ᠭᠡᠳᠦᠨ ᠨᠤᠮ ᠢ ᠲᠡᠪᠡᠷᠢᠴᠢᠭᠡᠭᠰᠡᠨ ᠤᠯᠵᠠ ᠲᠠᠢ ᠨᠢ ᠠᠷᠭ᠎ᠠ ᠦᠭᠡᠢ ᠤᠷᠪᠠᠭᠤᠯᠵᠦ ᠪᠠᠶᠢᠨ᠎ᠠ᠃ ᠬᠤᠶᠠᠷ ᠨᠠᠰᠤᠳᠠᠢ ᠬᠦᠦ ᠮᠢᠨᠢ ᠨᠢᠭᠡ ᠵᠢᠷᠤᠭᠳᠤ ᠲᠡᠪᠳᠡᠷ ᠢ ᠦᠰᠦᠭ ᠤᠨ ᠲᠤᠯᠤᠭᠠᠢ ᠶᠢ ᠨᠢ ᠲᠤᠷᠤᠭᠰᠢ ᠬᠠᠷᠠᠭᠤᠯᠵᠦ ᠶᠡᠭᠡ ᠯᠡ ᠰᠤᠳᠤᠯᠤᠨ ᠤᠩᠰᠢᠵᠦ ᠪᠠᠶᠢᠬᠤ ᠤᠪ ᠭᠠᠷᠭᠠᠨ᠎ᠠ ᠯᠠᠢ᠃ ᠡᠬᠦᠳᠡᠨ ᠲᠤᠰᠢᠶ᠎ᠠ ᠤᠩᠰᠢᠯᠭ᠎ᠠ ᠶᠢᠨ ᠦᠷᠦᠭᠡᠨ ᠤ ᠦᠢᠯᠡᠴᠢᠯᠡᠭᠴᠢ ᠭᠡᠦᠭᠡᠨ ᠭᠠᠷ ᠤᠳᠠᠰᠤ ᠱᠠᠭᠠᠢᠢᠵᠦ ᠰᠠᠭᠤᠨ᠎ᠠ᠃ ᠮᠤᠩᠭᠤᠯ ᠤᠩᠰᠢᠯᠭ᠎ᠠ ᠶᠢᠨ ᠦᠷᠦᠭᠡᠨ ᠤ ᠭᠠᠳᠠᠨ᠎ᠠ ᠤᠯᠠᠨ ᠭᠡᠦᠭᠡᠳ ᠭᠡᠷ ᠤᠨ ᠠᠬᠠᠮᠠᠳ ᠠᠪᠠᠭᠠᠷᠠᠯᠳᠤᠨ ᠪᠤᠵᠢᠬᠢᠨᠠᠯᠳᠤᠵᠦ᠂ ᠱᠤᠯᠤᠭᠠᠨᠠᠯᠳᠤᠨ ᠶᠠᠷᠢᠯᠳᠤᠵᠦ᠂ ᠲᠡᠭᠷᠢ ᠲᠤᠯᠤᠮ᠎ᠠ ᠲᠡᠪᠵᠢᠶᠡᠨ᠃

ᠪᠢ ᠵᠦᠢᠷ ᠰᠡᠴᠡᠨ ᠦᠭᠡᠨ ᠤ ᠡᠮᠬᠢᠳᠭᠡᠯ ᠢ ᠠᠪᠴᠤ ᠤᠩᠰᠢᠯ᠎ᠠ᠃ ᠰᠢᠯ ᠡᠬᠦᠳᠡᠨ ᠤ ᠭᠠᠳᠠᠨᠠᠬᠢ ᠦᠢᠮᠡᠭᠡᠨ ᠲᠡᠪᠵᠢᠶᠡᠨ ᠮᠢᠨᠦ ᠰᠡᠳᠬᠢᠯ ᠢ ᠲᠠᠳᠠᠨ ᠪᠢ ᠨᠤᠮ ᠢᠶᠠᠨ ᠡᠪᠭᠡᠵᠦ ᠲᠠᠯᠪᠢᠭᠠᠳ ᠡᠬᠦᠳᠡᠨ ᠭᠠᠳᠠᠨᠠᠬᠢ ᠲᠤᠳᠤᠨᠠᠬᠢ ᠶᠢ ᠬᠠᠷᠢᠴᠠᠭᠤᠯᠵᠦ ᠰᠠᠭᠤᠬᠤ ᠳᠤ᠂ ᠶᠢᠰᠦᠨ ᠲᠡᠭᠷᠢ ᠶᠢᠨ ᠶᠠᠭᠤᠮ᠎ᠠ ᠪᠤᠳᠤᠯ ᠳᠤ ᠤᠷᠤᠨ ᠭᠠᠷᠤᠨ᠎ᠠ᠃

ᠴᠠᠭ ᠦᠳᠡ ᠶᠢᠨ ᠡᠮᠦᠨᠡᠬᠢ ᠠᠷᠪᠠᠨ ᠨᠢᠭᠡ ᠬᠠᠭᠠᠰ᠃

ᠨᠢᠭᠡ ᠬᠦᠭᠰᠢᠨ ᠬᠦᠯᠦᠰᠦ ᠪᠠᠨ ᠠᠷᠴᠢᠨ᠂ ᠤᠮᠪᠤᠯᠤ ᠪᠠᠨ ᠲᠠᠭᠠᠭᠤᠯᠤᠨ ᠤᠷᠤᠵᠦ ᠢᠷᠡᠭᠡᠳ᠂

— ᠠᠳᠡ ᠶᠠᠭᠠᠬᠢᠭᠰᠠᠨ ᠬᠦᠮᠦᠨ ᠴᠦᠭᠡᠨ ᠪᠤᠢ᠂ ᠠᠮᠤᠰᠬᠢᠭᠠᠳ ᠠᠪᠤᠶ᠎ᠠ ᠭᠡᠵᠦ ᠰᠠᠨᠳᠠᠯᠢ ᠴᠢᠷᠦᠨ ᠴᠢᠬᠢ ᠭᠠᠳᠠᠭᠤᠯᠵᠦ᠂ ᠭᠡᠭᠡᠷ᠎ᠡ ᠶᠢᠨ ᠬᠦᠮᠦᠨ ᠰᠢᠭ ᠦᠨᠳᠦᠷ ᠲᠠᠭᠤ ᠪᠠᠷ ᠶᠠᠷᠢᠵᠦ ᠭᠠᠷᠤᠯ᠎ᠠ᠃

ᠲᠡᠬᠦᠨ ᠤ ᠲᠠᠷᠠᠭ᠎ᠠ ᠪᠠᠰᠠ ᠭᠡᠳᠦᠨ ᠭᠡᠦᠭᠡᠳ ᠤᠷᠤᠵᠦ ᠢᠷᠡᠭᠡᠳ ᠮᠤᠩᠭᠤᠯ ᠭᠡᠷ ᠢ ᠱᠠᠭᠠᠢᠢᠨ᠂ ᠮᠤᠳᠤᠨ ᠲᠡᠷᠭᠡᠨ ᠲᠡᠭᠡᠷ᠎ᠡ ᠨᠢ ᠨᠠᠭᠠᠳᠴᠤ᠂ ᠬᠤᠨᠢᠨ ᠤ ᠵᠠᠭᠪᠤᠷ ᠢ ᠨᠢ ᠤᠨᠤᠵᠦ᠂ ᠭᠡᠷᠡᠮ ᠲᠦᠰᠢᠬᠦᠯᠦᠭᠰᠡᠨ ᠶᠠᠳᠤᠭ᠎ᠠ ᠶᠢ ᠨᠢ ᠶᠠᠩᠵᠤ ᠶᠢᠨ ᠮᠠᠭᠤᠬᠠᠢ ᠲᠠᠭᠤ ᠭᠠᠷᠭᠠᠭᠠᠳ ᠭᠠᠷᠴᠦ ᠶᠠᠪᠤᠯ᠎ᠠ᠃

ᠭᠡᠵᠢᠶ᠎ᠡ ᠨᠢ ᠤᠷᠤᠵᠦ ᠢᠷᠡᠭᠰᠨᠨ ᠢ ᠪᠤᠤ ᠮᠡᠳᠡ᠂ ᠨᠢᠭᠡ ᠡᠪᠦᠭᠡᠨ ᠭᠠᠷ ᠲᠠᠭᠠᠨ ᠡᠷᠢᠭᠡ ᠪᠠᠷᠢᠴᠢᠬᠠᠵᠦ᠂ ᠰᠢᠷᠡᠭᠡ ᠡᠯᠢᠭᠡᠳᠡᠨᠰᠠᠭᠤᠭᠠᠳ ᠵᠠᠯᠬᠠᠭᠤᠳᠠᠶᠢᠬᠠᠨ ᠡᠪᠰᠢᠶᠡᠯᠭᠡᠨ᠎ᠠ᠃

— ᠮᠤᠩᠭᠤᠯ ᠭᠡᠦᠭᠡᠳ ᠮᠢᠨᠢ ᠢᠷᠡᠬᠦ ᠦᠭᠡᠢ ᠪᠤᠯ ᠤᠤ︖

ᠬᠦᠬᠡᠬᠤᠳᠠ ᠶᠢᠨ ᠮᠤᠩᠭᠤᠯ ᠭᠡᠦᠭᠡᠳ ᠬᠠᠮᠢᠭᠠᠭᠤᠷ ᠬᠦᠶᠦᠵᠦ ᠪᠠᠶᠢᠭ᠎ᠠ ᠪᠤᠯ︖ ᠬᠦᠳᠡᠭᠡ ᠳᠡᠭᠡᠨ ᠬᠠᠷᠢᠵᠦ ᠮᠠᠯᠵᠢᠬᠤ ᠦᠢᠯᠡᠳᠪᠦᠷᠢᠯᠡᠯ ᠳᠡᠭᠡᠨ ᠠᠭᠤᠰᠴᠢᠬᠠᠬᠰᠠᠨ ᠭᠡᠵᠢ ᠤᠤ︖ ᠪᠢ ᠰᠢᠯᠦᠨ ᠡᠬᠦᠳᠡ ᠦᠭᠡᠳᠡ ᠭᠤᠷᠢ ᠲᠠᠰᠤᠷᠠᠯ ᠦᠭᠡᠢ ᠬᠠᠷᠠᠵᠦ ᠪᠠᠶᠢᠪᠠ᠃

ᠬᠦᠯᠢᠶᠡᠵᠦ ᠶᠠᠳᠠᠳᠠᠯ᠎ᠠ ᠨᠤᠮ ᠤᠨ ᠦᠷᠦᠭᠡᠨ ᠤ ᠡᠬᠦᠳᠡᠨ ᠳᠤ ᠨᠢᠭᠡᠨ ᠠᠪᠤ ᠬᠦᠦ ᠬᠤᠶᠠᠭᠤᠯᠠ ᠲᠦᠩᠬᠦᠷ ᠲᠦᠩᠬᠦᠷ ᠮᠤᠩᠭᠤᠯ ᠢᠶᠠᠷ ᠢᠶᠠᠨ ᠶᠠᠷᠢᠯᠴᠠᠭᠰᠠᠭᠠᠷ ᠬᠦᠷᠦᠭᠡᠳ ᠢᠷᠡᠪᠡ᠃

— ᠠᠪᠤ ᠡ᠂ ᠠᠳᠡ ᠮᠤᠩᠭᠤᠯ ᠨᠤᠮ ᠤᠩᠰᠢᠬᠤ ᠦᠷᠦᠭᠡ ᠪᠠᠶᠢᠨ᠎ᠠ᠃ ᠤᠷᠤᠭᠠᠳ ᠵᠢᠭᠠᠬᠠᠨ ᠰᠠᠭᠤᠬᠤ ᠦᠭᠡᠢ ᠤᠤ︖

— ᠮᠤᠩᠭᠤᠯ ᠲᠦ᠋ ᠱᠦ ᠭᠤᠸᠠᠨ ᠳᠤ ᠤᠯᠢᠬᠳᠠᠢ ᠨᠤᠮ ᠪᠠᠶᠢᠬᠤ ᠦᠭᠡᠢ᠂ ᠶᠠᠪᠤᠶ᠎ᠠ ᠡ! ᠭᠡᠭᠰᠡᠭᠡᠷ ᠠᠪᠤ ᠨᠢ ᠡᠷᠬᠢᠨ ᠡᠷᠬᠢᠨ ᠬᠠᠷᠠᠬᠤ ᠬᠦᠦ ᠪᠠᠨ ᠠᠯᠪᠠ ᠪᠠᠷ ᠴᠢᠩᠭᠠᠭᠠᠳ ᠠᠪᠤᠭᠠᠳ ᠶᠠᠪᠤᠴᠢᠬᠠᠯ᠎ᠠ᠃

ᠭᠠᠳᠠᠨ᠎ᠠ ᠠᠴᠠ ᠢᠷᠡᠭᠰᠡᠨ ᠭᠡᠶᠢᠴᠢᠨ ᠪᠤᠯᠤᠯᠳᠠᠢ᠂ ᠭᠡᠷᠡᠯ ᠵᠢᠷᠤᠭ ᠤᠨ ᠮᠠᠰᠢᠨ ᠲᠠᠢ ᠨᠢᠭᠡ ᠨᠢ ᠲᠠᠭᠠᠨ ᠰᠡᠬᠦᠳᠡᠷᠯᠡᠴᠢᠬᠡᠭᠰᠡᠨ᠂ ᠨᠤᠮ ᠤᠨ ᠲᠡᠯᠭᠡᠬᠦᠷ ᠤᠨ ᠬᠠᠮᠢᠶᠠᠷᠤᠬᠴᠢ ᠪᠤᠯᠤᠯᠳᠠᠢ᠂ ᠡᠨᠡ ᠪᠤᠯ ᠮᠠᠨ ᠤ ᠮᠤᠩᠭᠤᠯ ᠨᠤᠮ ᠤᠩᠰᠢᠬᠤ ᠦᠷᠦᠭᠡ ᠭᠡᠵᠦ ᠲᠠᠨᠢᠯᠴᠠᠭᠤᠯᠴᠢᠬᠠᠬᠰᠠᠨ ᠭᠠᠷᠤᠭᠠᠳ ᠤᠳᠪᠠ᠃

— ᠬᠤᠳᠠ ᠶᠢᠨ ᠮᠤᠩᠭᠤᠯ ᠭᠡᠦᠭᠡᠳ ᠮᠤᠩᠭᠤᠯ ᠬᠡᠯᠡᠨ ᠳᠡᠭᠡᠨ ᠮᠠᠭᠤ ᠪᠠᠶᠢᠨ᠎ᠠ᠃ ᠮᠤᠩᠭᠤᠯ ᠭᠡᠯᠡᠨ ᠤ ᠭᠡᠷᠡᠭᠯᠡᠭᠡ ᠢᠪᠴᠤᠤᠷᠠᠵᠦ ᠪᠠᠶᠢᠨ᠎ᠠ᠃ ᠭᠡᠦᠭᠡᠳ ᠠᠮᠠᠷᠠᠯᠳᠠ ᠪᠤᠯᠤᠭᠰᠠᠭᠠᠷ ᠲᠧᠯᠸᠢᠰ ᠦᠵᠡᠬᠦ᠂ ᠭᠠᠷ ᠤᠳᠠᠰᠤ ᠨᠠᠭᠠᠳᠬᠤ ᠠᠴᠠ ᠦᠭᠡᠷ᠎ᠡ ᠶᠠᠭᠤᠮ᠎ᠠ ᠬᠢᠬᠦ ᠦᠭᠡᠢ᠃ ᠤᠳᠤ ᠶᠢᠨ ᠮᠤᠩᠭᠤᠯ ᠤᠶᠤᠳᠠᠳ ᠠᠷᠪᠠ ᠠᠰᠠᠭᠤᠪᠠᠯ ᠠᠷᠪᠠ ᠮᠡᠳᠡᠬᠦ ᠦᠭᠡᠢ᠂ ᠬᠤᠷᠢ ᠬᠢᠯᠭᠡᠪᠡᠯ ᠬᠤᠷᠢ ᠴᠢᠳᠠᠬᠤ ᠦᠭᠡᠢ ᠁ ᠮᠤᠩᠭᠤᠯᠴᠤᠳ ᠤᠨ ᠡᠳᠡᠭᠡᠷ ᠤᠯᠠᠨ ᠤᠯᠠᠨ ᠶᠠᠷᠢᠶ᠎ᠠ᠂ ᠰᠢᠯᠳᠠᠭ᠂ ᠠᠷᠭ᠎ᠠ ᠦᠭᠡᠶᠢᠳᠡᠯ ᠲᠠᠷᠢᠬᠢᠨ ᠳᠤ ᠡᠷᠬᠢᠯᠳᠦᠭᠡᠳ ᠪᠢ ᠮᠤᠩᠭᠤᠯ ᠨᠤᠮ ᠤᠩᠰᠢᠬᠤ ᠦᠷᠦᠭᠡᠨ ᠳᠤ ᠦᠢᠮᠡᠭᠡᠨ ᠱᠤᠤᠬᠢᠶᠠᠨ ᠢ ᠶᠠᠭᠠᠬᠢᠬᠤ ᠶᠢᠨ ᠠᠷᠭ᠎ᠠ ᠦᠭᠡᠢ ᠬᠦᠰᠡᠴᠢᠬᠡᠯ᠎ᠡ᠃ ᠤᠯᠠᠨ ᠤᠯᠠᠨ ᠮᠤᠩᠭᠤᠯ ᠭᠡᠦᠭᠡᠳ (ᠦᠨᠡᠨᠳᠡᠭᠡᠨ ᠡᠨᠡ ᠦᠷᠦᠭᠡᠨ ᠳᠤ ᠭᠡᠳᠦᠨ ᠠᠷᠪᠠᠨ ᠭᠡᠦᠭᠡᠳ ᠯᠡ ᠪᠠᠭᠳᠠᠬᠤ ᠪᠠᠶᠢᠬ᠎ᠠ) ᠤᠩᠰᠢᠯᠭ᠎ᠠ ᠶᠢᠨ ᠦᠷᠦᠭᠡᠨ ᠳᠤ ᠢᠷᠡᠵᠦ᠂ ᠶᠠᠷᠢᠯᠴᠠᠨ ᠬᠦᠭᠡᠷᠦᠯᠳᠦᠵᠦ᠂ ᠮᠤᠩᠭᠤᠯ ᠨᠤᠮ ᠢᠶᠠᠨ ᠤᠩᠰᠢᠵᠦ ᠪᠠᠶᠢᠭ᠎ᠠ ᠪᠤᠯ ᠶᠠᠮᠠᠷ ᠴᠤ ᠰᠠᠶᠢᠬᠠᠨ ᠪᠤᠢ ᠭᠡᠵᠦ ᠲᠡᠷᠡ ᠲᠦᠷᠢ ᠶᠢ ᠨᠢ ᠲᠠᠷᠢᠬᠢᠨ ᠳᠠᠭᠠᠨ ᠤᠷᠭᠤᠭᠤᠯᠵᠦ ᠰᠠᠭᠤᠳᠠᠯ᠎ᠠ᠂ ᠦᠢᠯᠡᠴᠢᠯᠡᠭᠴᠢ ᠭᠡᠦᠭᠡᠨ᠄

— ᠦᠳᠡ ᠶᠢᠨ ᠠᠮᠠᠷᠠᠯᠳᠠ ᠶᠢᠨ ᠴᠠᠬ ᠪᠤᠯᠤᠯ᠎ᠠ᠂ ᠲᠠᠨᠤᠰ ᠦᠳᠡ ᠶᠢᠨ ᠬᠤᠶᠢᠨ᠎ᠠ ᠢᠷᠡᠭᠡᠷᠡᠢ᠂ ᠪᠢ ᠦᠳᠡ ᠳᠤ ᠮᠤᠩᠭᠤᠯ ᠤᠯᠤᠰ ᠠᠴᠠ ᠢᠷᠡᠭᠰᠡᠨ ᠵᠤᠴᠢᠨ ᠳᠤ ᠤᠷᠴᠢᠭᠤᠯᠤᠬᠴᠢ ᠪᠤᠯᠬᠤ ᠪᠠᠷ ᠶᠠᠪᠤᠬᠤ ᠭᠡᠵᠦ ᠶᠠᠭᠠᠷᠠᠵᠦ ᠪᠠᠶᠢᠨ᠎ᠠ ᠭᠡᠳ ᠮᠠᠨᠤᠰ ᠢ ᠬᠦᠭᠡᠭᠡᠬᠦ ᠶᠢᠨ ᠵᠠᠪᠳᠠᠭᠤ ᠭᠠᠷᠭᠠᠭᠠᠳ ᠰᠢᠯᠦᠨ ᠡᠬᠦᠳᠡ ᠪᠠᠨ ᠴᠤᠤᠵᠢᠯᠠᠨ ᠶᠠᠪᠤᠵᠦ ᠤᠳᠤᠯ᠎ᠠ᠃

ᠪᠢ ᠶᠠᠭᠤ ᠨᠢᠭᠡ ᠪᠠᠨ ᠭᠡᠭᠡᠴᠢᠭᠡᠭᠰᠡᠨ ᠰᠢᠭ ᠰᠢᠯᠦᠨ ᠡᠬᠦᠳᠡ ᠦᠭᠡᠳᠡ ᠡᠷᠭᠢᠨ ᠡᠷᠬᠢᠨ ᠬᠠᠷᠠᠪᠠᠯ᠂ ᠬᠤᠶᠠᠷ ᠲᠠᠯ᠎ᠠ ᠳᠤᠨᠢ ᠪᠤᠰᠬᠠᠭᠰᠠᠨ ᠴᠠᠭᠠᠨ ᠰᠦᠯᠳᠡ ᠯᠡ ᠡᠨᠡ ᠬᠦᠨᠳᠡᠢ ᠬᠤᠭᠤᠰᠤᠨ ᠤᠷᠴᠢᠨ ᠢᠶᠠᠨ ᠰᠠᠬᠢᠭᠠᠳ ᠲᠠᠩᠴᠤ ᠲᠤᠭᠤᠢ᠂ ᠲᠠᠩᠴᠤ ᠦᠨᠦᠴᠢᠷᠡᠩᠬᠦᠢ ᠬᠠᠷᠠᠭᠳᠠᠵᠦ ᠪᠢᠯᠡ᠃

ᠢᠷᠡᠯᠲᠡ᠄      ᠨᠠᠶᠢᠷᠠᠭᠤᠯᠤᠭᠴᠢ᠄