home
home

    ᠬᠠᠶᠢᠷ᠎ᠠ ᠭᠡᠳᠦᠷᠡᠪᠠᠯ ᠬᠤᠤᠷ ᠪᠤᠯᠤᠨ᠎ᠠ

2016-10-07  20:42

ᠪᠠᠶ᠎ᠠ ᠪᠠᠨ ᠲᠠᠭᠠᠭᠠᠬᠤ ᠴᠢᠳᠠᠪᠤᠷᠢ ᠦᠭᠡᠢ ᠭᠡᠦᠭᠡᠳ ᠢ ᠭᠦᠮᠦᠵᠢᠭᠦᠯᠵᠤ ᠪᠠᠶᠢᠬᠤ ᠨᠢ ᠤᠳᠤᠬᠠᠨ ᠤ ᠰᠤᠷᠭᠠᠨ ᠭᠦᠮᠦᠵᠢᠯ ᠤᠨ ᠨᠢᠭᠡ ᠶᠡᠭᠡ ᠠᠯᠳᠠᠰᠢ ᠭᠡᠯᠳᠡᠢ᠃ ᠠᠮᠠᠨ ᠳᠤ ᠪᠠᠨ ᠪᠤᠳᠠᠭ᠎ᠠ ᠭᠢᠯᠭᠡᠵᠤ᠂ ᠠᠯᠢᠪᠠ ᠪᠠᠨ ᠠᠪᠤ ᠡᠵᠢ ᠳᠤ ᠪᠠᠨ ᠨᠠᠶᠢᠳᠠᠭᠰᠠᠨ ᠭᠡᠦᠭᠡᠳ ᠭᠡᠷᠭᠢᠨ ᠪᠠᠶ᠎ᠠ ᠳᠤ ᠪᠠᠨ ᠡᠵᠡᠨ ᠪᠤᠯᠵᠤ᠂ ᠨᠠᠶᠢᠭᠡᠮ ᠲᠡᠭᠡᠷ᠎ᠠ ᠤᠷᠤᠰᠢᠨ ᠲᠤᠭᠳᠠᠨᠢᠬᠤ ᠪᠢᠯᠠ︖ ᠬᠠᠶᠢᠷ᠎ᠠ ᠳᠤ ᠤᠷ᠎ᠠ ᠤᠬᠠᠭᠠᠨ ᠱᠠᠭᠠᠷᠳᠠᠭᠳᠠᠨ᠎ᠠ᠃ ᠬᠠᠶᠢᠷᠠᠯᠠᠬᠤ ᠶᠢ ᠯᠠ ᠮᠡᠳᠡᠭᠡᠳ 《ᠬᠠᠷᠠᠳᠠᠵᠤ》 ᠋ ᠰᠤᠷᠭᠠᠵᠤ ᠴᠢᠳᠠᠬᠤ ᠦᠭᠡᠢ ᠶᠤᠮ ᠪᠤᠯ ᠬᠠᠶᠢᠷ᠎ᠠ ᠴᠢᠨᠢ ᠶᠤᠰᠤᠳᠠᠢ ᠬᠤᠤᠷ ᠪᠤᠯᠵᠤ᠂ ᠭᠡᠦᠭᠡᠳ ᠢᠶᠠᠨ ᠭᠡᠷᠡᠭ ᠠᠴᠠ ᠭᠠᠷᠤᠭᠰᠠᠨ ᠭᠦᠮᠦᠨ ᠪᠤᠯᠭᠠᠵᠤ ᠮᠡᠳᠡᠨ᠎ᠠ᠃ ᠶᠠᠭᠤ ᠪᠦᠭᠦᠨ ᠳᠤ ᠭᠡᠦᠭᠡᠳ ᠤᠨ ᠢᠶᠠᠨ ᠡᠮᠦᠨ᠎ᠠ ᠠᠴᠠ ᠭᠦᠶᠦᠵᠤ᠂ ᠭᠡᠦᠭᠡᠳ ᠢᠶᠠᠨ ᠤᠷᠤᠯᠠᠨ ᠠᠵᠢᠯᠯᠠᠵᠤ ᠠᠮᠢᠳᠤᠷᠠᠳᠠᠭ ᠡᠴᠢᠭᠡ ᠡᠭᠡ ᠪᠤᠯᠤᠭᠰᠠᠳ ᠤᠬᠠᠭ᠎ᠠ ᠪᠤᠳᠤᠯᠭ᠎ᠠ ᠪᠠᠷ ᠶᠠᠭᠠᠭᠢᠬᠤ ᠶᠢᠨ ᠠᠷᠭ᠎ᠠ ᠦᠭᠡᠢ ᠲᠤᠳᠠᠭᠤ ᠤᠯᠤᠰ ᠪᠠᠶᠢᠵᠤ᠂ ᠭᠡᠦᠭᠡᠳ ᠢᠶᠠᠨ ᠲᠠᠳᠠ ᠬᠠᠶᠢᠷᠠᠯᠠᠵᠤ ᠴᠢᠳᠠᠬᠤ ᠦᠭᠡᠢ ᠬᠤᠤᠷᠯᠠᠵᠤ ᠪᠠᠶᠢᠬᠤ ᠪᠠᠨ ᠮᠡᠳᠡᠭᠡ ᠴᠤ ᠦᠭᠡᠢ ᠪᠠᠶᠢᠬᠤ ᠨᠢ ᠶᠠᠭᠤᠳᠠᠢ ᠭᠤᠨᠢᠭᠳᠠᠢ᠂ ᠶᠠᠭᠤᠳᠠᠢ ᠭᠦᠭᠡᠷᠦᠭᠦ᠋ᠢᠯᠡᠯᠳᠡᠢ ᠪᠢᠯᠠ! ᠤᠷᠤᠯᠠᠵᠤ ᠲᠠᠶᠢᠯᠭᠦ ᠵᠦᠢᠯ ᠪᠠᠶᠢᠬᠤ ᠳᠤ ᠤᠷᠤᠯᠠᠵᠤ ᠴᠢᠳᠠᠰᠢ ᠦᠭᠡᠢ ᠵᠦᠢᠯ ᠴᠤ ᠤᠯᠠᠨ ᠪᠤᠢ ᠬᠤᠶᠢᠨ᠎ᠠ ᠦᠪᠡᠷ ᠤᠨ ᠠᠮᠢᠳᠤᠷᠠᠯ ᠳᠤ ᠪᠠᠨ ᠭᠡᠨ ᠭᠦᠮᠦᠨ ᠴᠤ ᠦᠪᠡᠷ ᠢᠶᠠᠨ ᠨᠢᠭᠤᠷᠳᠠᠵᠤ ᠬᠠᠷᠢᠭᠤᠴᠠᠬᠤ ᠯᠠ ᠶᠤᠰᠤᠳᠠᠢ᠃ ᠪᠠᠰᠠ ᠦᠭᠦᠰᠢ ᠦᠭᠡᠢ ᠮᠦᠡᠭᠭᠡᠷᠡᠳᠡᠭ ᠭᠦᠮᠦᠨ ᠠᠯᠠᠭ᠎ᠠ ᠲᠤᠯᠠ ᠢᠩᠭᠢᠵᠤ ᠦᠰᠭᠡᠭᠰᠡᠨ ᠦᠷ᠎ᠠ ᠴᠢᠨᠢ ᠲᠠᠨ ᠠᠴᠠ ᠬᠤᠶᠢᠨ᠎ᠠ ᠭᠡᠨ ᠢ ᠲᠦᠰᠢᠵᠤ ᠠᠮᠢᠳᠤᠷᠠᠳᠠᠭ ᠪᠢᠯᠠ ᠳ᠋ᠠ︖ ᠭᠡᠦᠭᠡᠳ ᠲᠤ ᠪᠠᠨ ᠨᠠᠭᠠᠳᠤ ᠵᠠᠬ᠎ᠠ ᠨᠢ ᠪᠠᠶ᠎ᠠ ᠪᠠᠨ ᠲᠠᠭᠠᠭᠠᠬᠤ ᠴᠢᠳᠠᠪᠤᠷᠢ ᠶᠢ ᠵᠢᠭᠠᠵᠤ ᠰᠤᠷᠭᠠᠭᠰᠠᠨ ᠦᠭᠡᠢ ᠡᠴᠢᠭᠡ ᠡᠭᠡ ᠶᠢ ᠬᠠᠶᠢᠷ᠎ᠠ ᠶᠡᠭᠡᠳᠡᠢ ᠭᠡᠭᠦ ᠤᠤ ᠴᠤᠬᠤᠮ ᠬᠠᠯᠠ ᠶᠡᠭᠡᠳᠡᠢ ᠭᠡᠭᠦ ᠤᠤ︖

《ᠡᠷᠭᠡ ᠶᠢ ᠰᠤᠷᠬᠤ ᠪᠠᠷ ᠪᠡᠷᠭᠡ ᠶᠢ ᠰᠤᠷ》 ᠋ ᠭᠡᠰᠡᠨ ᠮᠤᠩᠭᠤᠯ ᠤᠨ ᠰᠠᠶᠢᠬᠠᠨ ᠦᠭᠡ ᠪᠠᠶᠢᠳᠠᠭ᠃ ᠡᠨᠡ ᠦᠭᠡᠨ ᠳᠤ ᠠᠮᠢᠳᠤᠷᠠᠬᠤᠢ ᠶᠢᠨ ᠶᠡᠭᠡ ᠶᠤᠰᠤ ᠠᠭᠤᠯᠤᠭᠳᠠᠵᠤ ᠪᠤᠢ᠃ ᠡᠷᠭᠡ ᠦᠰᠦᠭᠰᠡᠨ ᠭᠡᠦᠭᠡᠳ ᠨᠢᠭᠡ ᠴᠠᠭ ᠵᠢᠷᠭᠠᠯᠳᠠᠢ ᠪᠠᠶᠢᠬᠤ ᠳᠤ ᠪᠡᠷᠭᠡ ᠦᠰᠦᠭᠰᠡᠨ ᠭᠡᠦᠭᠡᠳ ᠨᠢᠭᠡ ᠨᠠᠰᠤᠨ ᠳᠤ ᠪᠠᠨ ᠵᠢᠷᠭᠠᠯᠳᠠᠢ ᠪᠠᠶᠢᠵᠤ ᠮᠡᠳᠡᠨ᠎ᠠ᠃ ᠤᠴᠢᠷ ᠨᠢ ᠭᠡᠳᠦ ᠡᠷᠭᠡ ᠦᠰᠦᠭᠰᠡᠨ ᠭᠡᠦᠭᠡᠳ ᠤᠬᠠᠭᠠᠵᠢᠨ ᠲᠤᠮᠤᠭᠠᠵᠢᠬᠤ ᠪᠠᠷ ᠠᠨᠠᠢ᠂ ᠶᠢᠷᠳᠢᠨᠴᠦ ᠬᠤᠷᠸ᠎ᠠ ᠶᠢ ᠡᠴᠢᠭᠡ ᠡᠭᠡ ᠶᠢᠨ ᠢᠶᠠᠨ ᠰᠠᠨᠠᠭ᠎ᠠ ᠪᠤᠳᠤᠯ ᠢᠶᠠᠷ ᠯᠠ ᠭᠡᠮᠵᠢᠨ ᠪᠠᠶᠢᠬᠤ ᠳᠤ ᠪᠡᠷᠭᠡ ᠰᠤᠷᠤᠭᠰᠠᠨ ᠭᠡᠦᠭᠡᠳ ᠠᠯᠢ ᠭᠡᠳᠦ᠋ᠢᠨᠡᠢ ᠬᠠᠯᠠ ᠦᠵᠡᠨ ᠬᠠᠰᠢᠷ ᠪᠤᠯᠤᠭᠠᠳ‌ᠠᠮᠢ ᠪᠠᠶ᠎ᠠ ᠳᠤ  ᠡᠵᠡᠨ ᠪᠤᠯᠵᠤ᠂ ᠠᠮᠢᠳᠤᠷᠠᠯ ᠬᠠᠶᠢᠷ᠎ᠠ ᠪᠠᠨ ᠵᠤᠭᠢᠴᠠᠭᠤᠯᠬᠤ ᠤᠬᠠᠭ᠎ᠠ ᠲᠠᠢ ᠪᠤᠯᠤᠭᠰᠠᠨ ᠪᠠᠶᠢᠳᠠᠭ᠃

ᠭᠡᠳᠦ ᠡᠷᠭᠡ ᠦᠰᠦᠭᠰᠡᠨ ᠭᠡᠦᠭᠡᠳ ᠡᠴᠢᠭᠡ ᠡᠭᠡ ᠲᠠᠢ ᠨᠢ ᠠᠳᠠᠯᠢ ᠭᠡᠨ ᠴᠤ ᠲᠡᠭᠦᠨ ᠤ ᠲᠦᠯᠦᠭᠡ ᠪᠤᠳᠤᠵᠤ ᠰᠠᠨᠠᠬᠤ ᠠᠯᠪᠠ ᠲᠠᠢ ᠰᠢᠬ ᠠᠮᠢᠨᠴᠢᠷ ᠬᠤᠪᠢᠨᠴᠢᠷ ᠨᠢ ᠠᠷᠭ᠎ᠠ ᠦᠭᠡᠢ ᠪᠤᠯᠵᠤ᠂ ᠦᠪᠡᠷ ᠢᠶᠠᠷ ᠢᠶᠠᠨ ᠲᠦᠪ ᠪᠤᠯᠭᠠᠨ᠂ ᠦᠷᠦᠭᠡᠯ ᠤᠨ ᠲᠦᠯᠦᠭᠡ ᠪᠤᠳᠤᠬᠤ ᠤᠬᠠᠭᠠᠨ ᠲᠤᠳᠠᠭᠤ ᠪᠤᠯᠬᠤᠷ ᠠᠮᠢᠳᠤᠷᠠᠯ ᠨᠢ ᠢᠪᠴᠤᠷᠠᠵᠤ᠂ ᠤᠷᠤᠭᠰᠢ ᠦᠭᠡᠢ ᠲᠡᠰᠢ ᠠᠭᠢᠳᠠᠭ᠃ ᠪᠡᠷᠭᠡ ᠦᠰᠦᠭᠰᠡᠨ ᠭᠡᠦᠭᠡᠳ ᠬᠠᠷᠢᠨ ᠬᠠᠯᠠ ᠡᠯᠡ ᠶᠢ ᠮᠡᠳᠡᠭᠦ ᠶᠢᠨ ᠤᠴᠢᠷ ᠦᠷᠦᠪᠴᠢ ᠨᠢᠩᠵᠢᠨ ᠰᠡᠳᠭᠢᠯᠳᠡᠢ ᠪᠤᠯᠵᠤ᠂ ᠪᠤᠰᠤᠳ ᠤᠨ ᠡᠮᠦᠨ᠎ᠠ ᠠᠴᠠ ᠡᠮᠵᠡᠭᠯᠡᠨ᠂ ᠦᠷᠦᠭᠡᠯ ᠳᠤ ᠲᠤᠰᠠᠷᠬᠠᠭ ᠶᠠᠪᠤᠳᠠᠭ ᠠᠴᠠ ᠠᠮᠢᠳᠤᠷᠠᠯ ᠨᠢ ᠦᠩ ᠲᠠᠢ ᠦᠭᠡᠳᠡ ᠲᠠᠢ ᠪᠤᠯᠬᠤ ᠨᠢ ᠲᠠᠮᠵᠢᠭ ᠦᠭᠡᠢ᠃ ᠠᠮᠢ ᠪᠠᠨ ᠯᠠ ᠪᠤᠳᠤᠳᠠᠭ ᠭᠦᠮᠦᠨ ᠭᠡᠵᠢᠶᠠᠳᠠ ᠠᠵᠠ ᠵᠢᠷᠭᠠᠯ ᠢᠶᠠᠷ ᠬᠤᠮᠰᠠ ᠪᠠᠶᠢᠬᠤ ᠳᠤ ᠦᠷᠦᠪᠴᠢ ᠨᠢᠩᠵᠢᠨ ᠭᠦᠮᠦᠨ ᠡᠭᠦᠷᠢᠳᠡ ᠰᠡᠳᠭᠢᠯ ᠢᠶᠠᠷ ᠪᠠᠶᠠᠨ ᠶᠠᠪᠤᠳᠠᠭ᠃ ᠭᠡᠭᠦ ᠳᠤ ᠪᠠᠨ ᠠᠮᠢᠳᠤ ᠶᠠᠪᠤᠭ᠎ᠠ ᠭᠦᠮᠦᠨ ᠳᠤ ᠰᠡᠳᠭᠢᠯ ᠢᠶᠠᠷ ᠪᠠᠶᠠᠨ ᠶᠠᠪᠤᠬᠤ ᠠᠴᠠ ᠲᠡᠭᠡᠳᠦ ᠵᠢᠷᠭᠠᠯ ᠠᠯᠠᠭ᠎ᠠ ᠪᠠᠶᠢᠳᠠᠭ ᠪᠢᠯᠠ᠃

ᠭᠡᠷᠪᠡ ᠭᠡᠦᠭᠡᠳ ᠢᠶᠠᠨ ᠵᠢᠩᠭᠢᠨᠢ ᠬᠠᠶᠢᠷᠠᠯᠠᠵᠤ ᠰᠠᠨᠠᠳᠠᠭ ᠶᠤᠮ ᠪᠤᠯ ᠭᠡᠳᠦ ᠡᠷᠭᠡ ᠪᠢᠳᠡᠭᠡᠢ ᠰᠤᠷᠭ᠎ᠠ᠂ ᠬᠠᠷᠢᠨ ᠡᠷᠭᠡ ᠪᠡᠷᠭᠡ ᠶᠢ ᠤᠶᠠᠯᠳᠤᠭᠤᠯᠤᠨ ᠰᠤᠷᠭᠠᠵᠤ᠂ ᠭᠦᠮᠦᠨ ᠪᠤᠯᠬᠤ ᠶᠢᠨ ᠶᠤᠰᠤ ᠶᠢ ᠮᠡᠳᠡᠭᠦᠯᠪᠠᠯ ᠵᠦᠢᠳᠡᠢ᠃ ᠦᠭᠡᠢ ᠶᠤᠮ ᠪᠤᠯ ᠬᠠᠶᠢᠷ᠎ᠠ ᠴᠢᠨᠢ ᠬᠠᠶᠢᠷ᠎ᠠ ᠪᠢᠰᠢ ᠬᠠᠷᠢᠨ ᠬᠤᠤᠷ ᠪᠤᠯᠳᠠᠭ ᠤᠴᠢᠷᠳᠠᠢ᠃

ᠢᠷᠡᠯᠲᠡ᠄      ᠨᠠᠶᠢᠷᠠᠭᠤᠯᠤᠭᠴᠢ᠄