home
home

    ᠵᠤᠳᠤᠵᠤ ᠬᠠᠷᠠᠳᠠᠬᠤ ᠨᠢ ᠤᠢ ᠤᠬᠠᠭᠠᠨ ᠤ ᠪᠤᠶᠢᠵᠢᠯᠳᠠ ᠶᠢ ᠨᠦᠯᠦᠬᠡᠯᠡᠳᠡᠭ

2016-10-07  21:04

ᠵᠠᠷᠢᠮ ᠬᠡᠷ ᠤᠨ ᠠᠬᠠᠮᠠᠳ ᠤᠨ ᠦᠵᠡᠬᠦ ᠪᠠᠷ᠂ ᠠᠯᠢᠶ᠎ᠠ ᠲᠦᠢᠳᠬᠡᠷ ᠬᠡᠤᠬᠡᠳ ᠤᠨ ᠪᠦᠭᠰᠡ ᠶᠢ ᠨᠢ ᠠᠯᠠᠭᠠᠳᠠᠬᠤ ᠦᠬᠡᠢ ᠪᠤᠯ ᠪᠤᠯᠬᠤ ᠦᠬᠡᠢ᠃ ᠤᠢᠢᠷ᠎ᠠ ᠳᠤ ᠭᠠᠳᠠᠭᠠᠳᠤ ᠤᠯᠤᠰ ᠤᠨ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠵᠤᠳᠤᠵᠤ ᠬᠠᠷᠠᠳᠠᠬᠤ ᠨᠢ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠬᠠᠷᠰᠢᠯᠠᠵᠤ ᠮᠡᠳᠡᠨ᠎ᠠ ᠬᠡᠰᠡᠨ ᠢ ᠢᠯᠡᠷᠡᠬᠦᠯᠪᠡ᠃ ᠲᠤᠰᠬᠠᠢ ᠮᠡᠷᠬᠡᠵᠢᠯᠳᠡᠳ ᠠᠴᠠ ᠶᠠᠮᠠᠷᠴᠦ ᠪᠠᠶᠢᠳᠠᠯ ᠲᠤᠤᠷ᠎ᠠ ᠬᠡᠳ ᠬᠡᠤᠬᠡᠳ ᠢ ᠵᠤᠳᠤᠵᠤ ᠪᠤᠯᠬᠤ ᠦᠬᠡᠢ ᠬᠡᠮᠡᠨ ᠰᠡᠷᠡᠮᠵᠢᠯᠡᠬᠦᠯᠵᠤ ᠪᠤᠢ᠃ ᠵᠤᠳᠤᠵᠤ ᠬᠠᠷᠠᠳᠠᠬᠤ ᠨᠢ ᠤᠢ ᠤᠬᠠᠭᠠᠨ ᠤ ᠪᠤᠶᠢᠵᠢᠯᠳᠠ ᠶᠢ ᠨᠦᠯᠦᠬᠡᠯᠡᠳᠡᠭ᠃ ᠲᠤᠮᠳᠠᠳᠤ ᠤᠯᠤᠰ ᠤᠨ ᠲᠠᠳᠬᠠᠯ ᠢᠶᠠᠷ᠂ ᠮᠤᠳᠤ ᠰᠢᠳᠡᠮ ᠨᠢ ᠬᠡᠤᠬᠡᠳ ᠤᠨ ᠦᠰᠤᠨ ᠪᠤᠶᠢᠵᠢᠯᠳᠠ ᠶᠢᠨ ᠶᠠᠪᠤᠴᠠ ᠳᠤ ᠴᠢᠬᠤᠯᠠ ᠦᠢᠯᠡᠳᠤᠯ ᠭᠠᠷᠭᠠᠳᠠᠭ ᠬᠡᠮᠡᠨ ᠦᠵᠡᠳᠡᠭ᠃ ᠵᠠᠷᠢᠮ ᠬᠡᠷ ᠤᠨ ᠠᠬᠠᠮᠠᠳ ᠤᠨ ᠦᠵᠡᠬᠦ ᠪᠠᠷ᠂ ᠬᠡᠤᠬᠡᠳ ᠪᠠᠯᠴᠢᠷ ᠪᠠᠭ᠎ᠠ ᠳᠠᠭᠠᠨ ᠶᠠᠭᠤᠮ᠎ᠠ ᠲᠦᠬᠦᠬᠡᠷᠬᠦ ᠦᠬᠡᠢ ᠪᠤᠯᠬᠤᠷ ᠪᠦᠭᠰᠡ ᠶᠢ ᠨᠢ ᠠᠯᠠᠭᠠᠳᠠᠬᠤ ᠪᠤᠶᠤ ᠵᠤᠳᠤᠵᠤ ᠬᠠᠷᠠᠳᠠᠪᠠᠯ ᠰᠠᠢᠢ ᠲᠡᠳᠡᠨᠤᠰ ᠤᠨ ᠴᠡᠬᠡᠵᠢᠨ ᠳᠤᠨᠢ ᠶᠤᠰᠤ ᠤᠴᠢᠷ ᠢ ᠲᠤᠭᠳᠠᠭᠠᠵᠤ ᠲᠠᠶᠢᠯᠦᠨ᠎ᠠ᠃ ᠬᠡᠪᠡᠴᠦ ᠤᠢᠢᠷ᠎ᠠ ᠳᠤ ᠠᠮᠧᠷᠢᠺᠠ ᠶᠢᠨ ᠰᠢᠨᠵᠢᠯᠡᠬᠦ ᠤᠠᠬᠭᠠᠨᠳᠠᠳ ᠠᠴᠠ ᠬᠡᠤᠬᠡᠳ ᠤᠨ ᠪᠦᠭᠰᠡ ᠶᠢ ᠠᠯᠠᠭᠠᠳᠠᠬᠤ ᠪᠤᠶᠤ ᠵᠤᠳᠤᠵᠤ ᠬᠠᠷᠠᠳᠠᠬᠤ ᠨᠢ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠨᠦᠯᠦᠬᠡᠯᠡᠵᠤ ᠮᠡᠳᠡᠨ᠎ᠠ ᠬᠡᠰᠡᠨ ᠢ ᠢᠯᠡᠷᠡᠬᠦᠯᠵᠠᠢ᠃

ᠠᠮᠧᠷᠢᠺᠠ ᠶᠢᠨ ᠲᠠᠮᠠᠤᠯᠤᠯ ᠢ ᠰᠡᠷᠬᠡᠶᠢᠯᠡᠬᠦ ᠬᠢᠬᠡᠳ ᠬᠡᠷ ᠪᠦᠯᠢ ᠶᠢᠨ ᠬᠦᠴᠦᠷᠬᠡᠭᠯᠡᠯ ᠢ ᠬᠤᠷᠢᠭᠯᠠᠬᠤ ᠲᠤᠰᠬᠠᠢ ᠮᠡᠷᠬᠡᠵᠢᠯᠳᠡᠳ 2—9 ᠨᠠᠰᠤᠳᠠᠢ 1510 ᠬᠡᠤᠬᠡᠳ ᠢ 4 ᠵᠢᠯ ᠲᠠᠭᠠᠵᠤ ᠰᠤᠳᠤᠯᠤᠭᠠᠳ 2—4 ᠨᠠᠰᠤᠨ ᠤ ᠲᠤᠭᠤᠢᠢᠯᠠᠩ ᠳᠠᠬᠢ 806 ᠬᠡᠤᠬᠡᠳ ᠤᠨ ᠲᠤᠳᠤᠷ᠎ᠠ ᠬᠠᠷᠠᠳᠠᠵᠤ ᠵᠤᠳᠤᠭᠳᠠᠭᠰᠠᠨ ᠦᠬᠡᠢ ᠬᠡᠤᠬᠡᠳ ᠤᠨ ᠤᠢ ᠤᠬᠠᠭᠠᠨ ᠤ ᠲᠤᠮᠳᠠᠴᠢ ᠲᠦᠪᠰᠢᠨ ᠨᠢ ᠬᠠᠷᠠᠳᠠᠵᠤ ᠵᠤᠳᠤᠭᠳᠠᠭᠰᠠᠨ ᠬᠡᠤᠬᠡᠳ ᠠᠴᠠ 5 ᠬᠤᠪᠢ ᠦᠨᠳᠤᠷ ᠪᠠᠶᠢᠵᠤ᠂ 5—9 ᠨᠠᠰᠤᠨ ᠤ ᠨᠦᠬᠦᠬᠡ ᠲᠤᠭᠤᠢᠢᠯᠠᠩ ᠳᠠᠬᠢ 704 ᠬᠡᠤᠬᠡᠳ ᠤᠨ ᠡᠨᠡᠬᠦ ᠵᠦᠷᠢᠶ᠎ᠠ ᠨᠢ 2.8 ᠬᠤᠪᠢ ᠳᠤ ᠬᠦᠷᠴᠠᠢ᠃ ᠡᠶᠢᠮᠤ ᠠᠴᠠ ᠶᠠᠮᠠᠷᠴᠦ ᠪᠠᠶᠢᠳᠠᠯ ᠲᠤᠤᠷ᠎ᠠ ᠬᠡᠳ ᠬᠡᠤᠬᠡᠳ ᠢᠶᠠᠨ ᠵᠤᠳᠤᠵᠤ ᠬᠠᠷᠠᠳᠠᠵᠤ ᠪᠤᠯᠬᠤ ᠦᠬᠡᠢ ᠬᠡᠮᠡᠨ ᠰᠤᠳᠤᠯᠭᠠᠳᠠᠳ ᠠᠴᠠ ᠰᠡᠷᠡᠮᠵᠢᠯᠡᠬᠦᠯᠵᠤ ᠪᠤᠢ᠃

ᠵᠤᠳᠤᠵᠤ ᠬᠠᠷᠠᠳᠠᠬᠤ ᠰᠤᠷᠭᠠᠨ ᠬᠦᠮᠦᠵᠢᠯ ᠤᠨ ᠤᠯᠠᠩᠬᠢ ᠨᠢ ᠴᠦᠮ ᠬᠡᠷᠡᠭ ᠤᠴᠢᠷ ᠤᠨ ᠰᠢᠯᠳᠠᠭᠠᠨ ᠲᠠᠢ ᠬᠡᠷ ᠤᠨ ᠠᠬᠠᠮᠠᠳ ᠬᠡᠤᠬᠡᠳ ᠢᠶᠠᠨ ᠵᠤᠳᠤᠵᠤ ᠬᠠᠷᠠᠳᠠᠬᠤ ᠶᠢᠨ ᠬᠠᠷᠠᠯᠳᠠ ᠨᠢ ᠠᠶᠤᠯᠭᠠᠬᠤ ᠪᠠᠷ ᠲᠠᠮᠵᠢᠨ ᠬᠡᠤᠬᠡᠳ ᠲᠤ ᠡᠬᠡᠬᠡ ᠠᠳᠠᠯᠢᠬᠠᠨ ᠠᠯᠳᠠᠭ᠎ᠠ ᠪᠤᠷᠤᠭᠤ ᠶᠢ ᠲᠠᠬᠢᠨ ᠬᠢᠵᠤ ᠪᠤᠯᠬᠤ ᠦᠬᠡᠢ ᠬᠡᠵᠤ ᠰᠡᠷᠡᠮᠵᠢᠯᠡᠬᠦᠯᠬᠦ ᠶᠢᠨ ᠲᠦᠯᠦᠬᠡ ᠶᠤᠮ᠃ ᠵᠤᠳᠤᠵᠤ ᠬᠠᠷᠠᠳᠠᠬᠤ ᠬᠡᠯᠪᠡᠷᠢ ᠨᠢ ᠴᠦ ᠤᠯᠠᠨ ᠶᠠᠩᠵᠤ ᠶᠢᠨ ᠪᠠᠶᠢᠳᠠᠭ᠃ ᠨᠢᠯᠬ᠎ᠠ ᠬᠡᠤᠬᠡᠳ ᠢ ᠵᠤᠭᠰᠤᠭᠠᠬᠤ᠂ ᠰᠦᠬᠦᠳᠬᠡᠬᠦ ᠪᠤᠶᠤ ᠬᠤᠭᠤᠯᠠ ᠢᠳᠡᠬᠦᠯᠬᠦ ᠦᠬᠡᠢ᠂ ᠲᠤᠮᠤ ᠰᠢᠬ ᠬᠡᠤᠬᠡᠳ ᠢ ᠡᠬᠦᠨ ᠤ ᠲᠡᠬᠡᠷ᠎ᠠ ᠪᠠᠰᠠ ᠵᠤᠳᠤᠵᠤ ᠢᠰᠬᠦᠯᠬᠦ ᠪᠤᠶᠤ ᠬᠡᠷ ᠪᠦᠯᠢ ᠶᠢᠨ 《ᠬᠦᠢᠳᠡᠨ ᠬᠦᠴᠦᠷᠬᠡᠭᠯᠡᠯ》 ᠋ ᠤᠨ ᠠᠷᠭ᠎ᠠ ᠶᠢ ᠠᠪᠤᠨ ᠤᠢᠢᠰᠢᠶᠠᠬᠤ ᠦᠬᠡᠢ ᠪᠠᠶᠢᠳᠠᠭ᠃ ᠡᠳᠡᠬᠡᠷ ᠬᠡᠷ ᠤᠨ ᠠᠬᠠᠮᠠᠳ ᠤᠨ ᠦᠵᠡᠬᠦ ᠪᠠᠷ ᠬᠡᠤᠬᠡᠳ ᠤᠯᠠᠮ ᠬᠠᠷᠠᠳᠠᠢ ᠶᠠᠯᠠᠳᠠᠭᠳᠠᠪᠠᠯ ᠤᠯᠠᠮ ᠰᠤᠷᠭᠠᠮᠵᠢ ᠠᠪᠴᠦ᠂ ᠲᠠᠬᠢᠨ ᠠᠯᠳᠠᠭ᠎ᠠ ᠪᠤᠷᠤᠭᠤ ᠭᠠᠷᠭᠠᠬᠤ ᠠᠴᠠ ᠪᠠᠨ ᠠᠶᠤᠳᠠᠭ ᠬᠡᠨ᠎ᠠ᠃ ᠲᠠᠬᠡᠪᠡᠯ ᠬᠡᠤᠬᠡᠳ ᠤᠨ ᠲᠦᠷᠦᠭᠳᠡᠯ ᠶᠠᠮᠠᠷᠰᠢᠤ ᠪᠠᠶᠢᠭ᠎ᠠ ᠪᠤᠯ︖ ᠮᠠᠲ᠋ᠧᠷᠢᠶᠠᠯ ᠤᠨ ᠢᠯᠡᠷᠡᠬᠦᠯᠦᠭᠰᠡᠨ ᠢᠶᠠᠷ᠂ 40.3% ᠤᠨ ᠬᠡᠤᠬᠡᠳ 《ᠪᠢᠰᠢᠷᠠᠵᠤ ᠲᠠᠭᠠᠬᠤ ᠦᠬᠡᠢ ᠮᠦᠷᠳᠡᠬᠡᠨ ᠰᠡᠳᠬᠢᠯ ᠲᠤᠳᠤᠷ᠎ᠠ ᠪᠠᠨ ᠡᠰᠡᠷᠬᠦᠴᠡᠯ ᠲᠠᠯᠪᠢᠳᠠᠭ》 ᠋᠂ 20.94% ᠤᠨ ᠬᠡᠤᠬᠡᠳ 《ᠠᠷᠭ᠎ᠠ ᠦᠬᠡᠢ ᠲᠡᠰᠴᠦ ᠦᠩᠬᠡᠷᠡᠬᠡᠳᠡᠭ》 ᠋᠂ ᠵᠦᠪᠬᠡᠨ 21.8% ᠤᠨ ᠬᠡᠤᠬᠡᠳ ᠯᠡ 《ᠪᠠᠶ᠎ᠠ ᠪᠠᠨ ᠵᠢᠮᠠᠯᠠᠨ ᠴᠢᠷᠮᠠᠶᠢᠨ ᠰᠠᠶᠢᠵᠢᠷᠠᠭᠤᠯᠬᠤ》 ᠋ ᠶᠢ ᠪᠤᠳᠤᠳᠠᠭ ᠶᠤᠮ᠃ ᠢᠯᠠᠩᠭᠤᠶ᠎ᠠ ᠬᠠᠷᠠᠳᠠᠵᠤ ᠵᠤᠳᠤᠭᠳᠠᠭᠰᠠᠨ ᠤ ᠲᠠᠷᠠᠭ᠎ᠠ 14.8% ᠤᠨ ᠬᠡᠤᠬᠡᠳ ᠲᠤ 《ᠬᠡᠷ ᠠᠴᠠ ᠪᠠᠨ ᠰᠠᠯᠬᠤ ᠪᠤᠶᠤ ᠰᠤᠷᠭᠠᠭᠤᠯᠢ ᠠᠴᠠ ᠲᠤᠳᠠᠭᠠᠬᠤ ᠲᠦᠷᠦᠭᠳᠡᠯ》 ᠋ ᠤᠷᠤᠳᠠᠭ ᠪᠠᠶᠢᠨ᠎ᠠ᠃ ᠡᠨᠡ ᠪᠦᠯᠦᠭ ᠲᠤᠭ᠎ᠠ ᠪᠠᠷᠢᠮᠳᠠ ᠨᠢ ᠬᠠᠷᠠᠳᠠᠵᠤ ᠵᠤᠳᠤᠬᠤ ᠰᠤᠷᠭᠠᠨ ᠬᠠᠮᠢᠶᠠᠷᠤᠯᠳᠠ ᠶᠢᠨ ᠬᠡᠯᠪᠡᠷᠢ ᠨᠢ ᠢᠳᠡᠪᠬᠢ ᠦᠢᠯᠡᠳᠤᠯ ᠪᠠ ᠦᠷ᠎ᠠ ᠠᠰᠢᠭ ᠭᠠᠷᠭᠠᠬᠤ ᠦᠬᠡᠢ᠂ ᠪᠠᠰᠠᠴᠦ ᠨᠢᠬᠡ ᠵᠦᠢᠯ ᠤᠨ ᠵᠦᠪ ᠪᠤᠰᠤ ᠰᠤᠷᠭᠠᠨ ᠬᠦᠮᠦᠵᠢᠯ ᠤᠨ ᠠᠷᠭ᠎ᠠ ᠬᠡᠯᠪᠡᠷᠢ ᠶᠢ ᠢᠯᠡᠷᠡᠬᠦᠯᠦᠭᠰᠡᠨ ᠠᠵᠢ᠃ ᠪᠠᠶᠢᠩᠭᠤ ᠵᠤᠳᠤᠵᠤ ᠬᠠᠷᠠᠳᠠᠬᠤ ᠨᠢ ᠬᠡᠤᠬᠡᠳ ᠤᠨ ᠤᠢ ᠤᠬᠠᠭᠠᠨ  ᠤ ᠪᠤᠶᠢᠵᠢᠯᠳᠠ ᠶᠢ ᠬᠢᠵᠠᠭᠠᠷᠯᠠᠳᠠᠭ᠃ ᠲᠤᠰᠬᠠᠢ ᠮᠡᠷᠬᠡᠵᠢᠯᠳᠡᠳ ᠤᠨ ᠦᠵᠡᠬᠦ ᠪᠠᠷ᠂ ᠬᠡᠤᠬᠡᠳ ᠤᠨ ᠤᠢ ᠤᠬᠠᠭᠠᠨ ᠤ ᠬᠦᠭᠵᠢᠯᠳᠡ ᠪᠤᠯ ᠨᠢᠬᠡᠨ ᠦᠷᠬᠦᠯᠵᠢᠯᠡᠭᠰᠡᠨ ᠶᠠᠪᠤᠴᠠ ᠪᠠᠶᠢᠵᠤ᠂ ᠲᠦᠷᠦᠯᠬᠢ ᠶᠢᠨ ᠡᠯᠧᠮᠧᠨ᠋ᠲ ᠠᠴᠠ ᠪᠤᠰᠤᠳ ᠭᠠᠳᠠᠭᠠᠳᠤ ᠤᠷᠴᠢᠨ ᠲᠤᠭᠤᠷᠢᠨ ᠴᠦ ᠴᠢᠬᠤᠯᠠ ᠦᠢᠯᠡᠳᠤᠯ ᠭᠠᠷᠭᠠᠳᠠᠭ ᠪᠢᠯᠡ᠃ ᠬᠡᠤᠬᠡᠳ ᠬᠡᠷᠪᠡ ᠨᠢᠬᠡᠨ ᠬᠦᠴᠦᠷᠬᠡᠭᠯᠡᠯ ᠰᠦᠷᠳᠡᠬᠦᠯᠦᠯ ᠤᠨ ᠤᠷᠴᠢᠨ ᠲᠤᠭᠤᠷᠢᠨ ᠲᠤᠳᠤᠷ᠎ᠠ ᠤᠷᠳᠤ ᠬᠤᠭᠤᠴᠠᠭ᠎ᠠ ᠠᠮᠢᠳᠤᠷᠠᠪᠠᠯ ᠡᠷᠡᠬᠦᠯ ᠮᠡᠨᠳᠤ ᠪᠠᠷ ᠦᠰᠦᠨ ᠪᠤᠶᠢᠵᠢᠬᠤ ᠳᠤᠨᠢ ᠠᠰᠢᠭ ᠦᠬᠡᠢ᠃ ᠤᠢ ᠤᠬᠠᠭᠠᠨ ᠨᠢ ᠤᠬᠢ ᠰᠠᠶᠢᠨ ᠢᠶᠠᠷ ᠪᠤᠶᠢᠵᠢᠬᠤ ᠨᠢ ᠨᠡᠩ ᠲᠤᠷᠠᠳᠤᠭᠰᠠᠨ ᠤ ᠬᠡᠷᠡᠭ ᠠᠯᠠᠭ᠎ᠠ᠃ ᠲᠤᠰᠬᠠᠢ ᠮᠡᠷᠬᠡᠵᠢᠯᠳᠡᠳ ᠤᠨ ᠬᠡᠯᠡᠬᠦ ᠪᠠᠷ᠂ ᠶᠡᠭᠡ ᠲᠠᠷᠢᠬᠢ ᠶᠢᠨ ᠵᠡᠬᠦᠨ ᠪᠠᠷᠠᠭᠤᠨ ᠬᠠᠭᠠᠰ ᠲᠠᠯ᠎ᠠ  ᠨᠢ ᠬᠡᠳᠦ᠋ᠢᠪᠡᠷ ᠠᠳᠠᠯᠢ ᠪᠤᠰᠤ ᠶᠢᠨ ᠴᠢᠳᠠᠪᠬᠢ ᠲᠠᠢ ᠪᠤᠯᠪᠠᠴᠦ ᠬᠠᠷᠢᠯᠴᠠᠨ ᠬᠠᠪᠰᠤᠷᠤᠨ ᠠᠵᠢᠯᠯᠠᠳᠠᠭ ᠶᠤᠮ᠃

ᠬᠡᠤᠬᠡᠳ ᠬᠠᠷᠠᠳᠠᠵᠤ ᠵᠤᠳᠤᠭᠳᠠᠪᠠᠯ ᠤᠭᠳᠠᠷᠭᠤᠢ ᠶᠢᠨ ᠰᠡᠷᠡᠯ᠂ ᠤᠷᠮ᠎ᠠ ᠰᠡᠳᠬᠢᠯᠬᠡ᠂ ᠤᠷᠠᠯᠢᠭ ᠤᠨ ᠰᠤᠨᠢᠷᠬᠠᠯ ᠮᠡᠳᠤ ᠶᠢ ᠲᠠᠭᠠᠭᠠᠴᠢᠯᠠᠭᠰᠠᠨ ᠵᠡᠬᠦᠨ ᠲᠠᠷᠢᠬᠢ ᠨᠢ ᠰᠠᠨᠳᠤᠷᠴᠤ ᠪᠠᠴᠢᠮᠳᠠᠭᠰᠠᠨ᠂ ᠬᠦᠯᠢᠶᠡᠰᠤᠯᠡᠭᠳᠡᠵᠤ ᠰᠦᠷᠳᠡᠬᠦᠯᠦᠭᠳᠡᠭᠰᠨ ᠪᠠᠶᠢᠳᠠᠯ ᠳᠤ ᠤᠷᠤᠰᠢᠳᠠᠭ᠃ ᠢᠩᠬᠢᠪᠠᠯ ᠵᠡᠬᠦᠨ ᠲᠠᠷᠢᠬᠢ ᠶᠢᠨ ᠴᠢᠳᠠᠪᠬᠢ ᠶᠢ ᠴᠦ ᠨᠦᠯᠦᠬᠡᠯᠡᠬᠦ ᠶᠤᠮ᠃ ᠵᠡᠬᠦᠨ ᠲᠠᠷᠢᠬᠢ ᠨᠢ ᠭᠤᠤᠯᠳᠠᠭᠤ ᠦᠬᠡ ᠬᠡᠯᠡ᠂ ᠤᠩᠰᠢᠯᠭ᠎ᠠ᠂ ᠲᠤᠭ᠎ᠠ ᠪᠤᠳᠤᠯᠭ᠎ᠠ ᠪᠠ ᠯᠤᠬᠢᠭ ᠰᠡᠳᠬᠢᠬᠦᠢ ᠵᠡᠷᠬᠡ ᠶᠢ ᠬᠠᠷᠢᠭᠤᠴᠠᠳᠠᠭ ᠪᠤᠯᠬᠤᠷ ᠬᠡᠤᠬᠡᠳ ᠤᠨ ᠤᠢ ᠤᠬᠠᠭᠠᠨ ᠤ ᠪᠤᠶᠢᠵᠢᠯᠳᠠ ᠶᠢ ᠬᠢᠵᠠᠭᠠᠷᠯᠠᠳᠠᠭ ᠪᠠᠶᠢᠨ᠎ᠠ᠃ ᠦᠨᠡᠨᠳᠡᠬᠡᠨ ᠪᠦᠭᠰᠡ ᠠᠯᠠᠭᠠᠳᠠᠬᠤ ᠮᠡᠳᠤ ᠶᠢᠨ ᠬᠦᠩᠬᠡᠨ ᠰᠢᠭ ᠶᠠᠯᠠᠯᠠᠯᠭ᠎ᠠ ᠨᠢ ᠬᠡᠳᠦ᠋ᠢᠪᠡᠷ ᠪᠤᠯᠴᠢᠩ ᠪᠠ ᠪᠠᠶ᠎ᠠ ᠴᠤᠭᠴᠠᠰ ᠢ ᠰᠢᠭᠤᠳ ᠨᠦᠯᠦᠬᠡᠯᠡᠬᠦ ᠦᠬᠡᠢ ᠪᠤᠯᠪᠠᠴᠦ ᠡᠪᠡᠳᠬᠦ ᠲᠦᠷᠦᠭᠳᠡᠯ ᠨᠢ ᠮᠡᠳᠡᠷᠡᠯ ᠤᠨ ᠭᠤᠤᠯ ᠬᠦᠢᠰᠤ ᠪᠠᠷ ᠲᠠᠮᠵᠢᠨ ᠲᠠᠷᠢᠬᠢᠨ ᠳᠤ ᠬᠦᠷᠦᠬᠡᠳ ᠲᠠᠷᠢᠬᠢᠨ ᠳᠤ ᠰᠡᠳᠡᠯᠳᠡ ᠤᠴᠠᠷᠠᠭᠤᠯᠳᠠᠭ ᠶᠤᠮ᠃ ᠡᠬᠦᠨ ᠤ ᠬᠠᠮᠳᠤ ᠪᠠᠰᠠ ᠬᠡᠤᠬᠡᠳ ᠤᠨ ᠲᠤᠳᠤᠭᠠᠳᠤ ᠡᠷᠬᠡᠳᠡᠨ ᠪᠠ ᠪᠠᠶ᠎ᠠ ᠶᠢᠨ ᠦᠰᠦᠯᠳᠡ ᠶᠢ ᠨᠦᠯᠦᠬᠡᠯᠡᠳᠡᠭ᠃

ᠤᠷᠳᠤ ᠬᠤᠭᠤᠴᠠᠭ᠎ᠠ ᠬᠠᠷᠠᠳᠠᠵᠤ ᠵᠤᠳᠤᠭᠳᠠᠭᠰᠠᠨ ᠬᠡᠤᠬᠡᠳ ᠠᠮᠠᠷᠬᠠᠨ ᠲᠠᠷᠢᠬᠢ ᠠᠪᠴᠢᠬᠤ ᠡᠪᠡᠳᠴᠢᠨ ᠤᠯᠬᠤ ᠶᠢ ᠠᠯᠢ ᠡᠷᠳᠡ ᠶᠠᠫᠤᠨ ᠤ ᠰᠢᠨᠵᠢᠯᠡᠬᠦ ᠤᠬᠠᠭᠠᠨᠳᠠᠨ ᠨᠢᠬᠡᠨᠳᠡ ᠬᠡᠷᠡᠴᠢᠯᠡᠪᠡ᠃ ᠰᠤᠳᠤᠯᠭᠠᠨ ᠤ ᠢᠯᠡᠷᠡᠬᠦᠯᠦᠭᠰᠡᠨ ᠢᠶᠠᠷ᠂ 3 ᠵᠢᠯ ᠠᠴᠠ ᠲᠠᠬᠡᠭᠰᠢ ᠬᠠᠷᠠᠳᠠᠵᠤ ᠵᠤᠳᠤᠭᠳᠠᠭᠰᠠᠨ ᠬᠡᠤᠬᠡᠳ ᠤᠨ ᠶᠡᠭᠡ ᠲᠠᠷᠢᠬᠢ ᠶᠢᠨ ᠬᠠᠶᠢᠷ᠎ᠠ ᠰᠡᠳᠬᠢᠯᠬᠡ ᠪᠠ ᠰᠢᠢᠳᠪᠤᠷᠢᠳᠤ ᠪᠤᠳᠤᠯᠭ᠎ᠠ ᠭᠠᠷᠭᠠᠬᠤ ᠲᠠᠪᠬᠤᠷᠭ᠎ᠠ ᠶᠢᠨ ᠪᠤᠶᠢᠵᠢᠯᠳᠠ ᠨᠢ ᠡᠩ ᠤᠨ ᠬᠡᠤᠬᠡᠳ ᠠᠴᠠ 19.1% ᠲᠤᠤᠷ᠎ᠠ ᠪᠠᠶᠢᠵᠤ᠂ ᠠᠩᠬᠠᠡᠷᠤᠯ ᠲᠠᠯᠪᠢᠬᠤ ᠵᠢᠴᠢ ᠲᠠᠨᠢᠵᠤ ᠮᠡᠳᠡᠬᠦ ᠠᠵᠢᠯᠯᠠᠭ᠎ᠠ ᠲᠠᠢ ᠬᠠᠮᠢᠶ᠎ᠠ ᠪᠦᠬᠦᠢ ᠲᠠᠪᠬᠤᠷᠭ᠎ᠠ ᠶᠢᠨ ᠪᠤᠶᠢᠵᠢᠯᠳᠠ ᠨᠢ ᠡᠩ ᠤᠨ ᠬᠡᠤᠬᠡᠳ ᠠᠴᠠ ᠲᠤᠰ ᠪᠦᠷᠢ 16.9% ᠪᠠ14.5% ᠲᠤᠤᠷ᠎ᠠ ᠪᠠᠶᠢᠳᠠᠭ ᠠᠵᠢ᠃

ᠦᠵᠡᠯ ᠰᠠᠨᠠᠭ᠎ᠠ ᠶᠢᠨ ᠱᠠᠩᠨᠠᠯ ᠢ ᠴᠢᠬᠤᠯᠠᠴᠢᠯᠠᠵᠤ ᠱᠠᠩᠨᠠᠬᠤ ᠠᠴᠠ ᠪᠢᠰᠢ ᠶᠠᠯᠠᠯᠠᠬᠤ ᠦᠬᠡᠢ ᠪᠤᠯ ᠬᠠᠮᠤᠭ ᠰᠠᠶᠢᠨ ᠬᠡᠷ ᠤᠨ ᠠᠬᠠᠮᠠᠳ ᠲᠤ ᠠᠪᠴᠦ ᠬᠡᠯᠡᠪᠡᠯ᠂ ᠬᠡᠤᠬᠡᠳ ᠲᠤ ᠨᠢᠬᠡᠨ ᠲᠤᠯᠠᠭᠠᠨ ᠲᠠᠭᠠᠯᠠᠮᠵᠢᠳᠠᠢ᠂ ᠡᠶ᠎ᠡ ᠨᠠᠶᠢᠷᠠᠮᠳᠠᠭᠤ ᠬᠡᠷ ᠪᠦᠯᠢ ᠶᠢᠨ ᠬᠠᠷᠢᠴᠠᠭ᠎ᠠ ᠶᠢ ᠤᠯᠭᠤᠬᠤ ᠪᠤᠯ ᠲᠦᠢᠯ ᠤᠨ ᠴᠢᠬᠤᠯᠠ ᠪᠠᠶᠢᠳᠠᠭ᠃ ᠲᠤᠰᠬᠠᠢ ᠮᠡᠷᠬᠡᠵᠢᠯᠳᠡᠨ ᠤ ᠰᠠᠨᠠᠭᠤᠯᠬᠤ ᠪᠠᠷ᠂ ᠬᠡᠷ ᠤᠨ ᠠᠬᠠᠮᠠᠳ ᠡᠳᠤᠷ ᠲᠤᠳᠤᠮ ᠤᠨ ᠰᠤᠷᠭᠠᠨ ᠬᠦᠮᠦᠵᠢᠯ ᠤᠨ ᠲᠤᠮᠳᠠ ᠬᠡᠤᠬᠡᠳ ᠤᠨ ᠲᠤᠷ᠎ᠠ ᠰᠤᠨᠢᠷᠬᠠᠯ ᠢ ᠬᠦᠭᠵᠢᠬᠡᠵᠤ᠂ ᠬᠡᠤᠬᠡᠳ ᠤᠨ ᠤᠷ᠎ᠠ ᠠᠪᠢᠶᠡᠰ ᠢ ᠢᠯᠡᠷᠡᠬᠦᠯᠵᠤ ᠪᠠᠶᠢᠭᠠᠳ ᠠᠳᠠᠯᠢ ᠪᠤᠰᠤ ᠨᠠᠰᠤᠨ ᠳᠤᠨᠢ ᠠᠳᠠᠯᠢ ᠪᠤᠰᠤ ᠶᠢᠨ ᠬᠦᠭᠵᠢᠯᠳᠡ ᠶᠢᠨ ᠵᠢᠮ᠎ᠠ ᠬᠠᠤᠯᠢ ᠶᠢ ᠦᠨᠳᠤᠰᠤᠯᠡᠨ ᠬᠡᠤᠬᠡᠳ ᠢ ᠲᠠᠶᠢᠴᠢᠯᠠᠨ ᠲᠠᠭᠠᠭᠤᠯᠬᠤ ᠴᠢᠬᠤᠯᠠᠳᠠᠢ᠃ 《ᠡᠪᠡᠳᠴᠢᠨ ᠳᠤᠨᠢ ᠲᠤᠬᠢᠷᠠᠭᠤᠯᠤᠨ ᠡᠮ ᠵᠠᠷᠤᠬᠤ》 ᠋ ᠠᠴᠠ ᠪᠢᠰᠢ᠂ ᠶᠠᠭᠠᠬᠢᠭᠰᠠᠨ ᠴᠦ ᠵᠤᠳᠤᠵᠤ ᠬᠠᠷᠠᠳᠠᠵᠤ ᠪᠤᠯᠬᠤ ᠦᠬᠡᠢ᠃ ᠡᠩ ᠲᠠᠷᠢᠬᠦᠨ ᠳᠤ᠂ ᠬᠡᠷ ᠤᠨ ᠠᠬᠠᠮᠠᠳ ᠪᠤᠯᠤᠭᠰᠠᠳ ᠡᠷᠬᠡᠪᠰᠢ ᠬᠡᠤᠬᠡᠳ ᠨᠢᠬᠡᠪᠤᠷᠢ ᠴᠦᠮ ᠲᠦᠷᠢᠮ ᠲᠤᠭᠳᠠᠭᠠᠯ ᠢ ᠵᠢᠷᠤᠮᠯᠠᠬᠤ ᠰᠠᠨᠠᠭ᠎ᠠ ᠲᠠᠢ ᠪᠠᠶᠢᠳᠠᠭ ᠢ ᠪᠠᠳᠤ ᠢᠳᠡᠬᠡᠵᠤ᠂ ᠬᠡᠤᠬᠡᠨ ᠢᠶᠠᠨ ᠵᠤᠷᠢᠬᠵᠢᠭᠤᠯᠬᠤ ᠠᠴᠠ ᠪᠢᠰᠢ ᠠᠯᠳᠠᠭ᠎ᠠ ᠪᠤᠷᠤᠭᠤ ᠭᠠᠷᠭᠠᠭᠰᠠᠭᠠᠷ ᠵᠢᠮᠠᠯᠠᠵᠤ ᠵᠤᠳᠤᠵᠤ ᠪᠤᠯᠬᠤ ᠦᠬᠡᠢ᠃ ᠢᠯᠠᠩᠭᠤᠶ᠎ᠠ ᠨᠢᠯᠬ᠎ᠠ ᠬᠡᠤᠬᠡᠳ ᠢ ᠰᠤᠷᠭᠠᠨ ᠬᠦᠮᠦᠵᠢᠬᠦᠯᠬᠦ ᠲᠠᠯ᠎ᠠ ᠪᠠᠷ ᠨᠡᠩ ᠤᠯᠠᠨ ᠴᠠᠭ ᠭᠠᠷᠤᠵᠠᠳᠠᠭᠤᠯᠬᠤ ᠠᠴᠠ ᠪᠢᠰᠢ᠂ ᠬᠠᠷᠠᠳᠠᠵᠤ ᠵᠤᠳᠤᠬᠤ ᠶᠢᠨ ᠠᠮᠠᠷ ᠢ ᠪᠤᠳᠤᠵᠤ ᠪᠤᠯᠬᠤ ᠦᠬᠡᠢ᠃ ᠡᠬᠦᠨ ᠠᠴᠠ ᠭᠠᠳᠠᠨ᠎ᠠ ᠱᠠᠩᠨᠠᠬᠤ ᠠᠴᠠ ᠶᠠᠯᠠᠯᠠᠬᠤ ᠪᠠᠶᠢᠬᠤ ᠶᠢ ᠪᠠᠶᠡᠯᠡᠬᠦᠯᠬᠦ ᠬᠡᠷᠡᠭᠳᠠᠢ᠃ ᠬᠡᠤᠬᠡᠳ ᠢ ᠵᠤᠷᠢᠬᠵᠢᠭᠤᠯᠬᠤ ᠳᠠᠭᠠᠨ ᠵᠤᠬᠢᠬᠤ ᠠᠷᠭ᠎ᠠ ᠪᠠᠷᠢᠯ ᠢ ᠠᠩᠬᠠᠷᠴᠦ᠂ ᠬᠡᠤᠬᠡᠳ ᠤᠨ ᠰᠠᠶᠢᠨᠳᠠᠢ ᠲᠠᠯ᠎ᠠ ᠶᠢ ᠬᠡᠷ ᠤᠨ ᠠᠬᠠᠮᠠᠳ  ᠨᠢ ᠦᠵᠡᠯ ᠰᠠᠨᠠᠭ᠎ᠠ ᠶᠢᠨ ᠲᠠᠯ᠎ᠠ ᠪᠠᠷ ᠵᠤᠷᠢᠬᠵᠢᠭᠤᠯᠵᠤ ᠱᠠᠩᠨᠠᠬᠤ ᠶᠢ ᠴᠢᠬᠤᠯᠠᠴᠢᠯᠠᠬᠤ ᠴᠢᠬᠤᠯᠠᠳᠠᠢ᠃ ᠡᠶᠢᠮᠤᠷᠬᠦ ᠵᠤᠷᠢᠬᠵᠢᠭᠤᠯᠤᠯ ᠱᠠᠩᠨᠠᠯ ᠢ ᠪᠤᠳᠠᠳᠤ ᠬᠡᠷᠡᠭ ᠤᠴᠢᠷ ᠲᠠᠢ ᠤᠶᠠᠯᠳᠤᠭᠤᠯᠪᠠᠯ ᠬᠠᠮᠤᠭ ᠰᠠᠶᠢᠨ᠂ ᠬᠠᠷᠢᠨ 《ᠴᠢ ᠦᠨᠡᠬᠡᠷ ᠰᠠᠶᠢᠨ》 ᠋ ᠬᠡᠵᠤ ᠲᠦᠬᠦᠮᠬᠡᠨ ᠬᠡᠯᠡᠬᠡᠳ ᠦᠩᠬᠡᠷᠡᠴᠢᠬᠡᠵᠤ ᠪᠤᠯᠬᠤ ᠦᠬᠡᠢ᠃

ᠬᠡᠤᠬᠡᠳ ᠵᠦᠪ ᠠᠵᠢᠯᠯᠠᠭ᠎ᠠ ᠬᠢᠭᠰᠡᠨ ᠪᠤᠯ ᠴᠠᠭ ᠲᠠᠷᠤᠢ ᠳᠤᠨᠢ ᠵᠤᠷᠢᠬᠵᠢᠭᠤᠯᠤᠨ᠎ᠠ᠃ ᠢᠩᠬᠢᠪᠠᠯ ᠬᠡᠤᠬᠡᠳ ᠤᠨ ᠢᠳᠡᠬᠡᠯ ᠢ ᠨᠡᠮᠡᠭᠳᠡᠬᠦᠯᠬᠦ ᠪᠠᠷ ᠪᠠᠷᠠᠬᠤ ᠦᠬᠡᠢ ᠨᠡᠩ ᠴᠢᠬᠤᠯᠠ ᠨᠢ ᠬᠡᠤᠬᠡᠳ ᠤᠨ ᠰᠡᠳᠬᠢᠯᠬᠡ ᠪᠠ ᠠᠵᠢᠯᠯᠠᠭ᠎ᠠ ᠳᠤ ᠦᠭᠬᠦᠭᠰᠡᠨ ᠨᠢᠬᠡ ᠵᠦᠢᠯ ᠤᠨ ᠢᠳᠡᠪᠬᠢ ᠲᠠᠭᠠᠭᠤᠯᠭ᠎ᠠ ᠮᠦᠨ᠃ ᠬᠡᠤᠬᠡᠳ ᠠᠯᠳᠠᠭ᠎ᠠ ᠪᠤᠷᠤᠭᠤ ᠭᠠᠷᠭᠠᠭᠰᠠᠨ ᠦᠶ᠎ᠠ ᠳᠤ ᠶᠠᠯᠠᠯᠠᠵᠤ ᠪᠤᠯᠬᠤ ᠦᠬᠡᠢ ᠬᠡᠳᠡᠭ ᠨᠢ ᠬᠡᠷ ᠤᠨ ᠠᠬᠠᠮᠠᠳ ᠪᠤᠯᠤᠭᠰᠠᠳ ᠬᠡᠤᠬᠡᠳ ᠤᠨ ᠬᠡᠪ ᠤᠨ ᠪᠤᠰᠤ ᠠᠵᠢᠯᠯᠠᠭ᠎ᠠ ᠶᠢ ᠤᠮᠳᠤᠭᠠᠢᠢᠯᠠᠬᠤ ᠪᠤᠶᠤ ᠠᠭᠤᠴᠢᠯᠠᠵᠤ᠂ ᠠᠯᠳᠠᠭ᠎ᠠ ᠪᠤᠷᠤᠭᠤ ᠶᠢ ᠨᠢ ᠨᠡᠬᠡᠮᠵᠢᠯᠡᠬᠦ ᠪᠤᠶᠤ ᠬᠦᠨᠳᠤᠷᠠᠬᠦᠯᠬᠦ ᠦᠬᠡᠢ ᠪᠠᠶᠢᠬᠤ ᠶᠢ ᠵᠢᠭᠠᠵᠤ ᠪᠤᠢ᠃ ᠡᠬᠦᠨ ᠤ ᠬᠠᠮᠳᠤ ᠬᠡᠷ ᠤᠨ ᠠᠬᠠᠮᠠᠳ ᠪᠠᠰᠠ ᠡᠷᠬᠡᠪᠰᠢ ᠦᠪᠡᠷ ᠤᠨ ᠰᠡᠳᠬᠢᠯᠬᠡ ᠪᠠᠨ ᠲᠤᠭᠳᠠᠭᠤᠨ ᠪᠠᠶᠢᠯᠭᠠᠬᠤ ᠶᠢ ᠪᠠᠳᠤᠯᠠᠵᠤ᠂ ᠬᠡᠤᠬᠡᠳ ᠲᠤ ᠵᠦᠪ ᠪᠤᠷᠤᠭᠤ ᠶᠢ ᠲᠠᠨᠢᠬᠤ ᠠᠷᠭ᠎ᠠ ᠲᠠᠮ ᠪᠤᠶᠤ ᠵᠦᠪ ᠲᠠᠯ᠎ᠠ ᠶᠢᠨ ᠲᠠᠭᠠᠭᠤᠯᠭ᠎ᠠ ᠦᠭᠬᠦ ᠬᠡᠷᠡᠭᠳᠠᠢ᠃

ᠰᠤᠷᠭᠠᠭᠤᠯᠢ ᠶᠢᠨ ᠬᠦᠷᠢᠶᠡᠨ ᠳᠤ ᠪᠠᠭᠰᠢ ᠪᠤᠯᠤᠭᠰᠠᠳ ᠡᠷᠬᠡᠪᠰᠢ ᠬᠡᠤᠬᠡᠳ ᠪᠠᠭᠠᠴᠤᠳ ᠤᠨ ᠪᠠᠶ᠎ᠠ ᠮᠠᠬᠠᠪᠤᠳ ᠪᠠ ᠪᠤᠳᠤᠯ ᠰᠡᠳᠬᠢᠯ ᠤᠨ ᠤᠨᠴᠠᠯᠢᠭ ᠢ ᠡᠵᠡᠮᠳᠡᠵᠤ᠂ ᠬᠡᠤᠬᠡᠳ ᠪᠠᠭᠠᠴᠤᠳ ᠤᠨ ᠪᠠᠶ᠎ᠠ ᠰᠡᠳᠬᠢᠯ ᠤᠨ ᠬᠦᠭᠵᠢᠯᠳᠡ ᠶᠢᠨ ᠵᠢᠮ᠎ᠠ ᠬᠠᠤᠯᠢ ᠪᠠ ᠨᠠᠰᠤᠨ  ᠳᠤ ᠦᠯᠦ ᠬᠦᠷᠦᠭᠰᠡᠳ ᠤᠨ ᠵᠠᠩ ᠰᠤᠷᠳᠠᠬᠤᠨ ᠢ ᠬᠦᠨᠳᠤᠳᠬᠡᠬᠦ ᠰᠠᠭᠤᠷᠢᠨ ᠲᠡᠬᠡᠷ᠎ᠠ ᠬᠡᠤᠬᠡᠳ ᠲᠤ ᠢᠳᠡᠬᠡᠯ ᠪᠠ ᠬᠦᠭᠵᠢᠯᠳᠡ ᠶᠢᠨ ᠤᠷᠤᠨ ᠵᠠᠢ ᠬᠠᠩᠭᠠᠵᠤ ᠦᠭᠬᠦ ᠬᠡᠷᠡᠭᠳᠠᠢ᠃ ᠪᠠᠭᠰᠢ ᠪᠤᠯᠤᠭᠰᠠᠳ ᠬᠡᠷᠪᠡ ᠬᠡᠤᠬᠡᠳ ᠲᠤ ᠪᠦᠳᠦᠬᠦᠯᠢᠭ ᠬᠠᠨᠳᠤᠪᠠᠯ ᠪᠠᠭᠰᠢ ᠬᠦᠮᠦᠨ ᠤ ᠠᠵᠢᠯ ᠤᠨ ᠰᠤᠷᠳᠠᠯ ᠠᠴᠠ ᠵᠦᠷᠢᠴᠡᠬᠦ ᠶᠢᠨ ᠬᠠᠮᠳᠤ ᠪᠠᠰᠠ ᠬᠡᠤᠬᠡᠳ ᠤᠨ ᠰᠡᠳᠬᠢᠯ ᠳᠠᠬᠢ ᠪᠠᠭᠰᠢ ᠬᠦᠮᠦᠨ ᠤ ᠲᠦᠷᠢ ᠲᠦᠷᠬᠦ ᠳᠤ ᠬᠦ᠋ ᠲᠦᠷᠬᠢᠳᠡᠭ᠃ ᠡᠬᠦᠨ ᠤ ᠤᠯᠠᠮ ᠢᠶᠠᠷ ᠬᠡᠤᠬᠡᠳ ᠪᠠᠭᠰᠢ ᠪᠤᠯᠤᠭᠰᠠᠳ ᠢ ᠵᠢᠭᠰᠢᠬᠦ ᠪᠤᠶᠤ ᠡᠰᠡᠬᠦᠯ᠎ᠠ ᠪᠠᠭᠰᠢ ᠠᠴᠠ ᠠᠶᠤᠨ ᠡᠮᠢᠶᠡᠬᠦ ᠰᠦᠷᠳᠡᠬᠦᠯᠦᠯ ᠤᠨ ᠰᠡᠳᠬᠢᠴᠡ ᠲᠠᠢ ᠪᠤᠯᠵᠤ᠂ ᠰᠤᠷᠤᠯᠭ᠎ᠠ ᠶᠢ ᠵᠢᠭᠰᠢᠬᠦ ᠰᠡᠳᠬᠢᠯᠬᠡ ᠲᠠᠢ ᠪᠤᠯᠤᠭᠠᠳ ᠢᠷᠡᠬᠡᠳᠤᠢ ᠶᠢᠨ ᠬᠦᠭᠵᠢᠯᠳᠡ ᠳᠤᠨᠢ ᠠᠰᠢᠭ ᠦᠬᠡᠢ ᠶᠤᠮ᠃

ᠢᠷᠡᠯᠲᠡ᠄      ᠨᠠᠶᠢᠷᠠᠭᠤᠯᠤᠭᠴᠢ᠄