home
home

    ᠣᠷᠠᠳ ᠤᠨ ᠬᠤᠶᠢᠳᠣ ᠬᠤᠰᠢᠭᠤᠨ ᠤ ᠦᠨᠳᠣᠰᠣᠳᠡᠨ ᠤ ᠬᠡᠣᠬᠡᠳ ᠤᠨ ᠴᠡᠴᠡᠷᠯᠢᠭ  ᠨᠢ ᠨᠦᠬᠦᠴᠡᠯ ᠪᠡ ᠣᠷᠴᠢᠨ ᠠᠬᠤᠢ ᠪᠠᠨ ᠰᠢᠯᠢᠳᠡᠭᠵᠢᠬᠦᠯᠵᠦ ᠪᠠᠶᠢᠨ᠎ᠠ

2016-10-07  21:31

ᠣᠷᠠᠳ ᠤᠨ ᠬᠤᠶᠢᠳᠣ ᠬᠤᠰᠢᠭᠤᠨ ᠤ ᠦᠨᠳᠣᠰᠣᠳᠡᠨ ᠤ ᠬᠡᠣᠬᠡᠳ  ᠤᠨ ᠴᠡᠴᠡᠷᠯᠢᠭ ᠨᠢ ᠬᠠᠮᠢᠶ᠎ᠠ ᠪᠦᠬᠦᠢ ᠳᠡᠭᠡᠳᠣ ᠱᠠᠳᠣᠨ ᠤ ᠬᠠᠯᠠᠮᠵᠢᠯᠠᠯ‌‍ᠢᠶ᠋ᠠᠷ ᠣᠯᠠᠮ ᠳᠦᠷᠭᠡᠨ ᠬᠦᠭᠵᠢᠵᠣ ᠪᠣᠢ᠃ ᠣᠷᠴᠢᠮ ᠳᠤ᠂ ᠭᠡᠷ ᠤᠨ ᠭᠠᠳᠠᠨᠠᠬᠢ ᠪᠡ ᠬᠡᠷ ᠤᠨ ᠳᠣᠳᠣᠷᠠᠬᠢ ᠣᠯᠠᠨ ᠠᠷᠪᠢᠨ ᠵᠦᠢᠯ ᠤᠨ ᠳᠣᠭᠯᠠᠮ ᠤᠨ ᠪᠠᠭᠠᠵᠢ ᠪᠡ ᠵᠢᠭᠠᠨ ᠰᠣᠷᠭᠠᠬᠤ ᠪᠠᠭᠠᠵᠢ ᠳᠦᠬᠦᠬᠡᠷᠣᠮᠵᠢ  ᠶᠢ ᠨᠡᠮᠡᠨ ᠣᠷᠣᠭᠤᠯᠵᠣ᠂ ᠵᠢᠭᠠᠨ ᠰᠣᠷᠭᠠᠯᠳᠠ ᠶᠢᠨ ᠨᠦᠬᠦᠴᠡᠯ ᠪᠡ ᠣᠷᠴᠢᠨ ᠠᠬᠤᠢ ᠪᠠᠨ ᠰᠢᠯᠢᠳᠡᠭᠰᠢᠬᠦᠯᠦᠭᠰᠡᠨ ᠪᠠᠶᠢᠨ᠎ᠠ᠃

6

ᠰᠢᠨ᠎ᠡ ᠪᠠᠷ ᠨᠡᠮᠡᠭᠳᠡᠭᠦᠯᠦᠭᠰᠡᠨ ᠨᠠᠭᠠᠳᠣᠮ ᠳᠣᠭᠯᠠᠭᠠᠮ ᠤᠨ ᠪᠠᠭᠠᠵᠢ ᠨᠢ ᠬᠡᠣᠬᠡᠳ ᠪᠠᠭᠠᠴᠣᠳ ᠤᠨ ᠪᠠᠭ᠋ᠠᠷᠬᠠᠯ ᠢ ᠳᠠᠳᠠᠵᠣ᠂ ᠨᠡᠩ ᠴᠣ᠋ ᠴᠡᠴᠡᠷᠯᠢᠭ ᠤᠨ ᠬᠦᠷᠢᠶᠡᠨ᠎ᠡ ᠰᠠᠶ᠋ᠢᠬᠠᠨ ᠠᠯᠬᠤᠨ ᠣᠷᠣᠵᠣ ᠪᠠᠶᠢᠭ᠎ᠠ ᠰᠢᠨ᠎ᠡ ᠬᠡᠣᠬᠡᠳ ᠤᠳ ᠤᠨ ᠳᠠᠨᠢᠬᠤ ᠦᠬᠡᠢ ᠪᠠᠭᠰᠢ ᠲᠠᠢ ᠵᠣᠯᠭᠠᠨ ᠪᠢᠰᠢᠬᠦᠷᠭᠡᠨ ᠰᠢᠷᠪᠡᠭᠡᠳᠡᠵᠦ᠂ ᠡᠵᠢ ᠠᠪᠤ ᠠᠴᠠ ᠪᠠᠨ ᠰᠠᠯᠵᠣ ᠬᠤᠴᠣᠷᠠᠬᠤ ᠳᠤ ᠣᠶᠢᠯᠠᠵᠣ ᠣᠬᠢᠯᠠᠳᠠᠭ ᠬᠡᠣᠬᠡᠳ ᠤᠨ ᠳᠠᠭᠤᠨ ᠴᠦᠭᠡᠷᠡᠵᠣ᠂ ᠦᠷᠭᠡᠨ ᠣᠯᠠᠨ ᠬᠡᠷ ᠤᠨ ᠠᠬᠠᠮᠠᠳ ᠤᠨ ᠰᠡᠳᠬᠢᠯ ᠬᠠᠨᠣᠮᠵᠢᠳᠣ ᠴᠡᠴᠡᠷᠯᠢᠭ ᠪᠣᠯᠵᠣ ᠴᠢᠳᠠᠭᠰᠠᠨ ᠪᠠᠶᠢᠨ᠎ᠠ᠃

7

ᠰᠢᠨ᠎ᠡ ᠰᠣᠷᠣᠯᠭ᠎ᠠ ᠶᠢᠨ ᠬᠤᠭᠤᠴᠠᠭ᠎ᠠ ᠡᠬᠢᠯᠡᠭᠡᠳ ᠬᠡᠳᠣᠬᠡᠨ ᠡᠳᠣᠷ ᠪᠣᠯᠣᠮᠠᠭᠴᠠ ᠴᠡᠴᠡᠷᠯᠢᠭ ᠤᠨ ᠬᠦᠷᠢᠶᠡᠨ᠎ᠡ ᠳᠣᠭᠯᠠᠨ ᠨᠠᠭᠠᠳᠬᠤ ᠨᠢᠯᠬ᠎ᠠ ᠪᠠᠭᠠᠴᠣᠳ ᠤᠨ ᠴᠡᠩᠭᠡᠯ ᠤᠨ ᠴᠣᠣᠷᠢᠶ᠎ᠠ ᠳᠠᠭᠤᠯᠳᠠᠵᠣ᠂ ᠪᠠᠭᠰᠢ ᠰᠣᠷᠣᠭᠴᠢ ᠶᠢᠨ ᠬᠠᠮᠳᠣ ᠤᠨ ᠵᠢᠷᠭᠠᠯ ᠪᠣᠯᠵᠣ᠂ ᠳᠣᠰ ᠬᠤᠭᠤᠴᠠᠭᠠᠨ ᠤ ᠵᠢᠭᠠᠨ ᠰᠣᠷᠭᠠᠬᠤ ᠡᠯ᠎ᠡ ᠵᠦᠢᠯ ᠤᠨ ᠠᠵᠢᠯ ᠢᠶᠠᠨ ᠡᠷᠴᠢᠮᠳᠡᠢ ᠰᠠᠶᠢᠨ ᠡᠬᠢᠯᠡᠬᠦᠯᠬᠦ ᠳᠤ ᠳᠦᠬᠦᠮ ᠨᠦᠬᠦᠴᠡᠯ ᠢ ᠪᠦᠷᠢᠯᠳᠣᠭᠦᠯᠵᠦ ᠦᠭᠬᠦᠭᠰᠡᠨ ᠪᠠᠶᠢᠨ᠎ᠠ᠃

ᠢᠷᠡᠯᠲᠡ᠄      ᠨᠠᠶᠢᠷᠠᠭᠤᠯᠤᠭᠴᠢ᠄