home
home

    ᠪᠠᠷᠠᠭᠤᠨ ᠦᠵᠦᠮᠦᠴᠢᠨ ᠬᠤᠰᠢᠭᠤ ᠮᠤᠩᠭᠤᠯ ᠭᠡᠦᠭᠡᠳ ᠤᠳ ᠤᠨ ᠤᠷᠴᠢᠨ ᠲᠤᠭᠤᠷᠢᠨ ᠢᠶᠠᠨ ᠬᠠᠮᠠᠭᠠᠯᠠᠬᠤ ᠭᠠᠷ ᠤᠷᠠᠯᠠᠯ ᠤᠨ ᠪᠦᠳᠦᠭᠡᠭᠲᠡᠬᠦᠨ ᠬᠢᠬᠦ ᠠᠵᠢᠯᠯᠠᠭᠠᠨ ᠦᠷᠨᠢᠭᠦᠯᠪᠡ

2016-10-07  21:53

ᠪᠠᠷᠠᠭᠤᠨ ᠦᠵᠦᠮᠦᠴᠢᠨ ᠬᠤᠰᠢᠭᠤᠨ ᠤ ᠦᠨᠳᠦᠰᠦᠲᠡᠨ ᠤ ᠬᠡᠦᠬᠡᠳ ᠤᠨ ᠴᠡᠴᠡᠷᠯᠢᠭ ᠨᠢ ᠮᠤᠩᠭᠤᠯ ᠶᠡᠭᠡ ᠠᠩᠬᠢ ᠶᠢᠨ ᠵᠢᠷᠭᠤᠳᠤᠭᠠᠷ ᠪᠦᠯᠦᠭ ᠤᠨ ᠬᠡᠦᠬᠡᠳ ᠪᠤᠯᠤᠨ ᠭᠡᠷ ᠤᠨ ᠠᠬᠠᠮᠡᠳ ᠢ ᠤᠷᠤᠯᠴᠠᠭᠤᠯᠤᠭᠰᠠᠨ᠂ ᠡᠴᠢᠭᠡ ᠡᠬᠡ ᠭᠢᠭᠡᠳ ᠦᠷ᠎ᠠ ᠦᠷ᠎ᠡ ᠬᠡᠦᠬᠡᠳ ᠤᠨ ᠬᠠᠶᠢᠷ᠎ᠠ ᠰᠡᠳᠬᠢᠯᠭᠡ ᠶᠢ ᠤᠯᠠᠮ ᠨᠡᠮᠡᠭᠲᠡᠭᠦᠯᠦᠨ᠂ ᠬᠡᠦᠬᠡᠳ ᠤᠨ ᠤᠷᠴᠢᠨ ᠲᠤᠭᠤᠷᠢᠨ ᠢᠶᠠᠨ ᠬᠠᠮᠠᠭᠠᠯᠠᠬᠤ ᠣᠬᠠᠮᠰᠠᠷ ᠢ ᠭᠦᠮᠦᠵᠢᠭᠦᠯᠵᠦ᠂ ᠬᠠᠶᠠᠭᠲᠠᠮᠠᠯ ᠪᠤᠲᠠᠰ ᠢ ᠨᠡᠩ ᠢᠯᠡᠭᠦᠦ ᠴᠤᠭᠯᠠᠭᠤᠯᠤᠨ ᠠᠰᠢᠭᠯᠠᠬᠤ᠂ ᠬᠡᠦᠬᠡᠳ ᠤᠨ ᠲᠠᠷᠢᠬᠢ ᠲᠤᠯᠤᠭᠠᠢ ᠪᠠᠨ ᠬᠦᠲᠡᠯᠭᠡᠬᠦ᠂ ᠭᠠᠷ ᠬᠦᠲᠡᠯᠭᠡᠬᠦ ᠴᠢᠲᠠᠪᠤᠷᠢ ᠪᠠ ᠰᠢᠨ᠎ᠡ ᠶᠢ ᠡᠭᠦᠳᠬᠦ ᠴᠢᠲᠠᠪᠤᠷᠢ ᠶᠢ ᠨᠢ ᠲᠡᠭᠡᠭᠰᠢᠯᠡᠭᠦᠯᠬᠦ ᠶᠢᠨ ᠲᠦᠯᠦᠭᠡ᠂ ᠤᠶᠢᠷ᠎ᠠ ᠳᠤ 《ᠡᠴᠢᠭᠡ ᠡᠬᠡ ᠨᠢ ᠬᠡᠦᠬᠡᠳ ᠲᠠᠢ ᠪᠠᠨ ᠬᠠᠮᠳᠤ  ᠪᠠᠷ ᠤᠷᠴᠢᠨ ᠲᠤᠭᠤᠷᠢᠨ ᠢᠶᠠᠨ ᠬᠠᠮᠠᠭᠠᠯᠠᠵᠤ᠂ ᠪᠦᠳᠦᠭᠡᠯᠴᠢ ᠰᠠᠨᠠᠭ᠎ᠠ ᠪᠦᠬᠦᠢ ᠭᠠᠷ ᠤᠷᠠᠯᠠᠯ ᠬᠢᠬᠦ》 ᠋ᠠᠵᠢᠯᠯᠠᠭ᠎ᠠ ᠦᠷᠨᠢᠭᠦᠯᠪᠡ᠃

ᠠᠵᠢᠯᠯᠠᠭ᠎ᠠ ᠨᠢ ᠭᠡᠷ ᠤᠨ ᠠᠬᠠᠮᠡᠳ ᠤᠨ ᠬᠦᠴᠦᠲᠠᠢ ᠲᠡᠮᠵᠢᠯᠭᠡ ᠶᠢ ᠤᠯᠵᠤ᠂ ᠵᠠᠷᠢᠮ ᠭᠡᠷ ᠤᠨ ᠠᠬᠠᠮᠡᠳ ᠨᠢ ᠭᠡᠷ ᠤᠨ ᠬᠦᠮᠦᠰ  ᠢᠶᠠᠨ ᠪᠦᠬᠦᠳᠠ ᠶᠢ ᠲᠠᠶᠢᠴᠢᠯᠠᠨ ᠢᠲᠡᠪᠬᠢᠲᠠᠢ ᠪᠠᠷ ᠲᠤᠰ ᠤᠲᠠᠭᠠᠨ ᠤ ᠠᠵᠢᠯᠯᠠᠭᠠᠨ ᠳᠤ ᠤᠷᠤᠯᠴᠠᠭᠰᠠᠨ ᠪᠠᠶᠢᠨ᠎ᠠ᠃

ᠡᠵᠢ ᠨᠢ ᠬᠠᠶᠠᠭᠲᠠᠮᠠᠯ ᠮᠠᠲ᠋ᠧᠷᠢᠶᠠᠯ ᠴᠤᠭᠯᠠᠭᠤᠯᠬᠤ ᠳᠤ ᠂ ᠠᠪᠤ ᠨᠢ ᠬᠡᠪ ᠵᠠᠭᠪᠤᠷ ᠵᠤᠬᠢᠶᠠᠵᠤ᠂ ᠬᠡᠦᠬᠡᠳ ᠨᠢ ᠴᠤᠪᠤᠭᠤ ᠬᠦᠭᠡᠷᠦᠬᠦᠨ ᠭᠠᠷ ᠢᠶᠠᠷ ᠢᠶᠠᠨ ᠪᠠᠶᠢᠨ ᠪᠠᠶᠢᠨ ᠬᠠᠶᠢᠴᠢᠯᠠᠨ᠂ ᠪᠠᠶᠢᠨ ᠪᠠᠶᠢᠨ ᠵᠢᠷᠤᠵᠤ᠂ ᠪᠠᠶᠢᠨ ᠪᠠᠶᠢᠨ ᠨᠠᠭᠠᠵᠤ᠂ 《ᠦᠪᠡᠷ ᠤᠨ ᠬᠦᠲᠡᠯᠮᠦᠷᠢ ᠪᠠᠷ ᠢᠶᠠᠨ ᠪᠦᠳᠦᠭᠡᠭᠰᠡᠨ ᠪᠦᠳᠦᠭᠡᠯ ᠢᠶᠠᠨ ᠦᠵᠡᠭᠡᠳ ᠪᠠᠶᠠᠷ ᠪᠠᠭ᠋ᠠᠳᠤᠯ ᠢᠶᠠᠷ ᠪᠢᠯᠬᠠᠭᠰᠠᠨ 》 ᠋ ᠠᠮᠢ ᠪᠦᠯᠢ ᠭᠤᠷᠪᠠᠭᠤᠯᠠ  ᠶᠢᠨ ᠭᠤᠶᠤ ᠵᠢᠷᠤᠭ ᠪᠦᠳᠦᠭᠡᠯ ᠤᠳ ᠪᠦᠳᠦᠭᠡᠭᠲᠡᠨ᠎ᠡ᠃

ᠵᠠᠷᠢᠮ ᠨᠢ ᠤᠮᠲᠠᠭᠠᠨ ᠤ ᠯᠤᠩᠬᠤ ᠪᠠᠷ ᠨᠢᠰᠭᠡᠯ ᠬᠢᠵᠥ᠂ ᠵᠠᠷᠢᠮ ᠨᠢ ᠤᠮᠳᠠᠭᠠᠠ ᠤ ᠯᠤᠩᠬᠤ ᠪᠠᠷ ᠴᠤᠮᠤ ᠬᠢᠵᠥ᠂ ᠵᠠᠷᠢᠮ ᠨᠢ ᠪᠠᠰᠠ ᠬᠠᠭᠤᠴᠢᠨ ᠬᠠᠶᠠᠭᠲᠠᠮᠠᠯ ᠴᠠᠭᠠᠰᠤᠨ ᠴᠤᠮᠤ ᠪᠠᠷ ᠴᠠᠭ ᠬᠢᠵᠥ᠂ ᠪᠠᠰᠠ ᠡᠯ᠎ᠡ ᠵᠦᠢᠯ ᠤᠨ ᠬᠠᠭᠤᠴᠢᠨ ᠬᠠᠶᠠᠭᠲᠠᠮᠠᠯ ᠮᠠᠲ᠋ᠧᠷᠢᠶᠠᠯ ᠢᠶᠠᠷ ᠮᠠᠰᠢᠨ ᠲᠡᠷᠭᠡ ᠪᠠ ᠰᠠᠯᠬᠢᠨ ᠬᠦᠴᠦ ᠪᠠᠷ ᠴᠠᠬᠢᠯᠭᠠᠨ ᠭᠠᠷᠭᠠᠬᠤ ᠮᠠᠰᠢᠨ ᠬᠢᠭᠰᠡᠨ ᠴᠦ ᠪᠠᠶᠢᠨ᠎ᠠ᠃ ᠦᠨᠡᠬᠡᠷ ᠴᠦ ᠶᠠᠩᠵᠦ ᠪᠦᠷᠢ ᠶᠢᠨ ᠪᠦᠳᠦᠭᠡᠯ ᠪᠠᠶᠢᠵᠤ᠂ ᠶᠠᠭᠤ ᠰᠠᠨᠠᠪᠠᠯ ᠶᠠᠭᠤ ᠪᠠᠶᠢᠮᠠᠷ ᠰᠢᠭ᠋ ᠰᠠᠨᠠᠭᠲᠠᠭᠤᠯᠤᠨ᠎ᠠ᠃

《ᠣᠷᠣᠯᠴᠠᠯᠭ᠎ᠠ ᠪᠤᠯ ᠨᠢᠭᠡ ᠵᠦᠢᠯ ᠤᠨ ᠪᠠᠶᠠᠷ ᠪᠠᠶᠠᠰᠤᠯ᠂ ᠡᠭᠦᠳᠦᠯᠲᠡ ᠪᠤᠯ ᠨᠢᠭᠡ ᠵᠦᠢᠯ ᠤᠨ ᠬᠠᠨᠤᠮᠵᠢ ᠬᠦᠷᠲᠡᠭᠡᠯ᠂ ᠬᠤᠷᠰᠢᠬᠤ ᠪᠤᠯ ᠨᠢᠭᠡ ᠵᠦᠢᠯ ᠤᠨ ᠵᠤᠯ ᠵᠢᠷᠭᠠᠯ 》 ᠋ᠬᠡᠳᠡᠭ ᠢᠶᠠᠷ ᠂ ᠡᠨᠡ ᠤᠲᠠᠭᠠᠨ  ᠤ ᠠᠵᠢᠯᠯᠠᠭᠠᠨ ᠨᠢ ᠭᠡᠷ ᠤᠨ ᠠᠬᠠᠮᠡᠳ ᠤᠨ ᠨᠦᠭᠡᠴᠡ ᠴᠢᠲᠠᠪᠤᠷᠢ ᠶᠢᠨ ᠡᠬᠢ ᠪᠠᠶᠠᠯᠢᠭ ᠢ ᠠᠭᠤᠲᠠᠯᠤᠨ᠂ ᠭᠡᠷ ᠤᠨ ᠠᠬᠠᠮᠡᠳ ᠪᠤᠯᠤᠨ ᠬᠡᠦᠬᠡᠳ ᠤᠨ ᠬᠠᠮᠳᠤ ᠪᠠᠷ ᠭᠠᠷ ᠤᠷᠠᠯᠠᠯ ᠬᠢᠬᠦ ᠪᠠ ᠪᠦᠳᠦᠭᠡᠯ ᠢᠶᠠᠨ ᠢᠯᠡᠷᠡᠭᠦᠯᠵᠦ᠂ ᠬᠡᠦᠬᠡᠳ᠂ ᠭᠡᠷ ᠤᠨ ᠠᠬᠠᠮᠡᠳ ᠪᠠ ᠪᠠᠭᠰᠢ ᠨᠢᠭᠡᠪᠦᠷᠢ ᠪᠦᠷ ᠦᠪ ᠦᠨᠡᠠᠬᠦ ᠦᠪᠡᠷ ᠤᠨ ᠪᠠᠶ᠎ᠡ ᠪᠠᠷ ᠢᠶᠠᠨ ᠦᠩᠭᠡᠷᠡᠭᠦᠯᠦᠭᠰᠡᠨ ᠨᠢᠭᠡᠨ ᠤᠲᠠᠭᠠᠨ ᠤ ᠬᠠᠶᠠᠭᠲᠠᠮᠠᠯ ᠢ ᠡᠷᠲᠡᠨᠢ ᠪᠤᠯᠭᠠᠵᠤ ᠬᠤᠪᠢᠷᠠᠭᠤᠯᠤᠭᠰᠠᠨ ᠭᠠᠶᠢᠬᠠᠮᠰᠢᠭᠳᠦ ᠠᠶᠠᠯᠠᠯ ᠪᠤᠯᠬᠤ ᠪᠦᠭᠡᠳ ᠭᠡᠷ ᠤᠨ ᠠᠬᠠᠮᠡᠳ᠂ ᠬᠡᠦᠬᠡᠳ ᠲᠤ ᠦᠪᠡᠷ ᠢ ᠢᠶᠠᠨ ᠢᠯᠡᠷᠡᠭᠦᠯᠬᠦ ᠪᠠ ᠪᠤᠯᠪᠠᠰᠤᠷᠠᠭᠤᠯᠬᠤ ᠠᠵᠠ ᠲᠤᠬᠢᠶᠠᠯ ᠢ ᠤᠯᠭᠤᠬᠤ ᠶᠢᠨ ᠵᠡᠷᠭᠡ ᠪᠠᠷ᠂ ᠬᠡᠦᠬᠡᠳ ᠤᠨ ᠰᠣᠷᠭᠠᠨ ᠬᠦᠮᠦᠵᠢᠯ ᠨᠢ ᠭᠡᠷ ᠪᠦᠯᠢ ᠶᠢᠨ ᠡᠶᠡᠯᠰᠡᠭ ᠨᠠᠶᠢᠷᠰᠠᠭ ᠠᠵᠢᠯᠯᠠᠭᠠᠨ ᠳᠤ ᠲᠦᠰᠢᠭᠯᠡᠪᠡᠯ ᠰᠠᠶ᠋ᠢ ᠬᠠᠮᠤᠭ ᠰᠠᠶᠢᠨ ᠦᠷ᠎ᠡ ᠪᠦᠳᠦᠮᠵᠢ ᠭᠠᠷᠭᠠᠵᠥ ᠲᠡᠶᠢᠯᠦᠨ᠎ᠡ ᠭᠡᠲᠡᠭ ᠢ ᠭᠡᠷ ᠤᠨ ᠠᠬᠠᠮᠡᠳ ᠪᠠ ᠬᠡᠤᠬᠡᠳ ᠲᠤ ᠮᠠᠳᠠᠬᠦᠯᠵᠥ ᠲᠠᠨᠢᠭᠤᠯᠤᠭᠰᠠᠨ ᠶᠤᠮ᠃

ᠢᠷᠡᠯᠲᠡ᠄      ᠨᠠᠶᠢᠷᠠᠭᠤᠯᠤᠭᠴᠢ᠄