home
home

    ᠬᠡᠦᠬᠡᠳ ᠨᠠᠰᠣᠨ ᠠᠴᠠ ᠪᠠᠨ ᠵᠠᠮ ᠬᠠᠷᠢᠯᠴᠠᠭᠠᠨ ᠤ ᠲᠦᠷᠢᠮ ᠢ ᠰᠠᠬᠢᠵᠦ ᠰᠣᠷᠣᠶ᠎ᠡ

2016-10-07  22:04

ᠠᠰᠢᠨ ᠲᠡᠷᠭᠡᠨ ᠳᠤ ᠰᠠᠭᠤᠬᠤ ᠶᠡᠷᠤ ᠶᠢᠨ ᠮᠡᠳᠡᠯᠭᠡ

ᠤᠯᠠᠩᠬᠢ ᠰᠤᠷᠤᠬᠴᠢᠳ ᠡᠳᠤᠷᠵᠢᠨ ᠰᠤᠷᠭᠠᠭᠤᠯᠢ ᠪᠡ ᠭᠡᠷ ᠤᠨ ᠬᠤᠭᠤᠷᠳᠳᠤ ᠪᠠᠨ ᠲᠡᠷᠭᠡᠨ ᠳᠤ ᠰᠠᠭᠤᠨ ᠶᠠᠪᠤᠵᠤ ᠪᠤᠢ᠃ ᠲᠡᠷᠭᠡᠨ ᠳᠤ ᠰᠠᠭᠤᠬᠤ ᠳᠤ ᠡᠷᠭᠡᠪᠰᠢ ᠨᠡᠶᠢᠭᠡᠮ ᠨᠡᠶᠢᠳᠡ ᠶᠢᠨ ᠶᠤᠰᠤ ᠮᠤᠷᠡᠯ ᠢ ᠡᠷᠬᠢᠮᠯᠡᠬᠦ ᠪᠦᠭᠡᠳ ᠲᠡᠷᠭᠡᠨ ᠳᠤ ᠰᠠᠭᠤᠬᠤ ᠶᠡᠷᠤ ᠶᠢᠨ ᠮᠡᠳᠡᠯᠭᠡ ᠶᠢ ᠡᠵᠡᠮᠰᠢᠨ᠂ ᠪᠡᠶ᠎ᠡ ᠮᠠᠬᠠᠪᠤᠳ ᠤᠨ ᠠᠮᠤᠷ ᠲᠦᠪᠰᠢᠨ ᠢᠶᠠᠨ ᠪᠠᠳᠤᠯᠠᠬᠤ ᠭᠡᠷᠡᠭᠳᠡᠢ᠃

1. ᠨᠠᠶᠢᠳᠡ ᠶᠢᠨ ᠮᠠᠰᠢᠨ ᠲᠡᠷᠭᠡᠨ ᠳᠤ ᠰᠠᠭᠤᠬᠤ ᠳᠠᠭᠠᠨ᠂ ᠲᠡᠷᠭᠡ ᠬᠦᠯᠢᠶᠡᠬᠦ ᠭᠠᠵᠠᠷ ᠤᠨ ᠲᠤᠬᠳᠠᠬᠰᠠᠨ ᠭᠠᠵᠠᠷ ᠲᠤ ᠮᠦᠷᠯᠡᠨ ᠬᠦᠯᠢᠶᠡᠵᠤ᠂ ᠲᠡᠷᠭᠡ ᠯᠠᠪᠳᠠᠭᠤᠨ ᠵᠤᠬᠰᠤᠵᠤ ᠲᠡᠷᠭᠡᠨ ᠠᠴᠠ ᠪᠠᠭᠤᠬᠤ ᠬᠦᠮᠤᠰ ᠪᠠᠭᠤᠵᠤ ᠪᠠᠷᠠᠬᠰᠠᠨ ᠤ ᠲᠠᠷᠠᠭ᠎ᠠ᠂ ᠲᠡᠷᠭᠡᠨ ᠳᠤ ᠭᠠᠷᠬᠤ ᠭᠡᠷᠡᠭᠳᠡᠢ᠃ ᠲᠡᠷᠭᠡᠨ ᠳᠤ ᠭᠠᠷᠪᠠᠯ ᠨᠠᠰᠤᠳᠠᠨ᠂ ᠡᠪᠡᠳᠴᠢᠳᠠᠨ᠂ ᠵᠡᠮᠳᠡᠭ᠂ ᠵᠢᠷᠮᠤᠰᠤᠨ ᠪᠤᠶᠤ ᠨᠢᠯᠬ᠎ᠠ ᠭᠡᠤᠭᠡᠳ ᠲᠡᠪᠡᠷᠢᠵᠤ ᠪᠠᠶᠢᠭ᠎ᠠ ᠬᠦᠮᠤᠨ ᠳᠤ ᠰᠠᠭᠤᠳᠠᠯ ᠢᠶᠠᠨ ᠨᠠᠶᠢᠷ ᠲᠠᠯᠪᠢᠵᠤ ᠦᠭᠬᠦ ᠭᠡᠷᠡᠭᠳᠡᠢ᠃ ᠲᠡᠷᠭᠡᠨ ᠠᠴᠠ ᠪᠠᠭᠤᠪᠠᠯ ᠶᠠᠪᠠᠭᠠᠨ ᠬᠦᠮᠤᠨ ᠤ ᠶᠠᠪᠤᠬᠤ ᠵᠠᠮ ᠢᠶᠠᠷ ᠶᠠᠪᠤᠵᠤ᠂ ᠲᠡᠷᠭᠡ ᠶᠠᠪᠤᠬᠤ ᠵᠠᠮ ᠢᠶᠠᠷ ᠶᠠᠪᠤᠵᠤ ᠪᠤᠯᠬᠤ ᠦᠭᠡᠢ᠃

2. ᠬᠢᠯᠪᠡᠷᠬᠠᠨ ᠲᠡᠯᠪᠡᠷᠡᠬᠦ ᠪᠤᠶᠤ ᠨᠤᠴᠤᠬᠤ ᠪᠤᠳᠠᠰ ᠢ ᠮᠠᠰᠢᠨ ᠲᠡᠷᠭᠡᠨ ᠲᠡᠭᠡᠷ᠎ᠡ ᠠᠪᠴᠤ ᠭᠠᠷᠴᠤ ᠪᠤᠯᠬᠤ ᠦᠭᠡᠢ᠃ ᠲᠡᠯᠪᠡᠷᠡᠮᠡᠳᠡᠭᠡᠢ᠂ ᠨᠤᠴᠤᠮᠠᠭᠠᠢ ᠪᠤᠳᠠᠰ ᠨᠢ ᠶᠠᠮᠠᠷ ᠨᠢᠭᠡᠨ ᠰᠢᠯᠳᠠᠭᠠᠨ ᠠᠴᠠ ᠪᠤᠯᠵᠤ ᠲᠡᠯᠪᠡᠷᠡᠨ ᠨᠤᠴᠤᠵᠤ ᠠᠶᠠᠠᠴᠢᠳ ᠤᠨ ᠠᠮᠢ ᠨᠠᠰᠤ ᠪᠡ ᠲᠡᠷᠭᠡ ᠶᠢ ᠬᠤᠬᠢᠷᠠᠭᠤᠯᠬᠤ ᠠᠶᠤᠯ ᠲᠠᠢ᠃

3. ᠨᠠᠶᠢᠳᠡ ᠶᠢᠨ ᠮᠠᠰᠢᠨ ᠲᠡᠷᠭᠡᠨ ᠳᠤ ᠰᠠᠭᠤᠬᠤ ᠳᠠᠭᠠᠨ ᠯᠠᠪᠳᠠᠭᠤᠨ ᠰᠠᠭᠤᠵᠤ᠂ ᠲᠡᠷᠭᠡ ᠪᠠᠴᠢᠮ ᠵᠤᠬᠰᠣᠬᠤ ᠠᠴᠠ ᠰᠡᠷᠭᠡᠶᠢᠯᠡᠬᠦ ᠪᠦᠬᠡᠳ ᠲᠤᠯᠤᠭᠠᠢ ᠪᠡ ᠭᠠᠷ ᠢᠶᠠᠨ ᠲᠡᠷᠭᠡᠨ ᠴᠤᠩᠬᠤ ᠪᠠᠷ ᠭᠠᠷᠭᠠᠵᠤ ᠪᠤᠯᠬᠤ ᠦᠭᠡᠢ᠃ ᠲᠡᠷᠭᠡ ᠯᠠᠪᠳᠠᠭᠤᠨ ᠵᠤᠬᠰᠤᠬᠤ ᠠᠴᠠ ᠡᠮᠦᠨ᠎ᠡ ᠰᠠᠠᠳᠤᠷᠤᠨ ᠪᠠᠭᠤᠵᠤ ᠪᠤᠯᠬᠤ ᠦᠭᠡᠢ᠃

4. ᠲᠤᠮᠤ ᠠᠴᠢᠶᠠᠨ ᠤ ᠮᠠᠰᠢᠨ ᠳᠤ ᠰᠠᠭᠤᠬᠤ ᠳᠠᠭᠠᠨ᠂ ᠵᠤᠬᠰᠤᠬᠤ ᠪᠤᠶᠤ ᠲᠡᠷᠭᠡᠨ ᠤ ᠬᠠᠰᠢᠯᠭ᠎ᠠ ᠲᠡᠭᠡᠷ᠎ᠡ ᠨᠢ ᠰᠠᠭᠤᠵᠤ ᠪᠤᠯᠬᠤ ᠦᠭᠡᠢ᠃ ᠵᠠᠪᠠᠯ ᠰᠠᠭᠤᠵᠤ ᠪᠠᠶᠢᠭᠠᠳ ᠲᠡᠷᠭᠡᠨ ᠤ ᠬᠠᠰᠢᠯᠭ᠎ᠠ ᠠᠴᠠ ᠯᠠᠪᠳᠠᠭᠤᠨ ᠠᠳᠬᠤᠬᠤ ᠭᠡᠷᠡᠭᠳᠡᠢ᠃

ᠲᠤᠭᠤᠢ ᠤᠨᠤᠬᠤ ᠶᠡᠷᠤ ᠶᠢᠨ ᠮᠡᠳᠡᠯᠭᠡ

ᠲᠤᠭᠤᠢ ᠤᠨᠤᠬᠤ ᠮᠡᠷᠭᠡᠵᠢᠯ ᠢ ᠨᠢᠭᠡᠨᠳᠡ ᠡᠵᠡᠮᠰᠢᠭᠰᠡᠨ ᠴᠤ᠂ ᠠᠮᠤᠷ ᠲᠦᠪᠰᠢᠨ ᠲᠤᠭᠤᠢ ᠤᠨᠤᠬᠤ ᠭᠡᠳᠤᠨ ᠵᠤᠷᠪᠤᠰ ᠢ ᠵᠠᠪᠠᠯ ᠮᠡᠳᠡᠵᠤ ᠠᠪᠬᠤ ᠭᠡᠷᠡᠭᠳᠡᠢ᠃

1. ᠮᠠᠰᠢᠨᠳᠦ ᠪᠤᠰᠤ ᠲᠡᠷᠭᠡᠨ ᠤ ᠵᠠᠮ ᠢᠶᠠᠷ ᠵᠠᠮᠪᠠᠷᠠᠭ᠎ᠠ ᠲᠠᠢ ᠠᠶᠠᠯᠠᠵᠤ᠂ ᠮᠠᠰᠢᠨ ᠲᠡᠷᠭᠡᠨ ᠤ ᠵᠠᠮ ᠢᠶᠠᠷ ᠠᠶᠠᠯᠠᠵᠤ ᠪᠤᠯᠬᠤ ᠦᠭᠡᠢ᠃ ᠮᠠᠰᠢᠨ ᠲᠡᠷᠭᠡ ᠪᠡ ᠮᠠᠰᠢᠨᠳᠦ ᠪᠤᠰᠤ ᠲᠡᠷᠭᠡ ᠶᠠᠪᠤᠬᠤ ᠶᠢ ᠢᠯᠭᠠᠬᠰᠠᠨ ᠵᠢᠷᠤᠭᠠᠰᠤ ᠪᠠᠶᠢᠬᠤ ᠦᠭᠡᠢ ᠦᠶᠡᠰ᠂ ᠴᠢᠳᠠᠬᠤ ᠶᠢᠨ ᠬᠢᠷᠢ ᠪᠠᠷ ᠵᠠᠮ ᠤᠨ ᠪᠠᠷᠠᠭᠤᠨ ᠬᠦᠪᠡᠭᠡ ᠶᠢ ᠲᠠᠭᠠᠨ ᠠᠶᠠᠯᠠᠬᠤ (ᠵᠠᠮ ᠤᠨ ᠬᠦᠪᠡᠭᠡ ᠠᠴᠠ 1.5 ᠮᠧᠲᠷ ᠵᠠᠢ ᠲᠤᠳᠤᠷ᠎ᠡ) ᠭᠡᠷᠡᠭᠳᠡᠢ᠂ ᠵᠠᠮ ᠤᠨ ᠲᠤᠮᠳᠠᠭᠤᠷ ᠠᠶᠠᠯᠠᠵᠤ ᠪᠤᠯᠬᠤ ᠦᠭᠡᠢ᠂ ᠬᠠᠷᠢᠯᠴᠠᠨ ᠲᠦᠯᠬᠢᠯᠴᠡᠨ ᠲᠠᠳᠠᠯᠴᠠᠬᠤ ᠪᠤᠶᠤ ᠤᠷᠤᠯᠳᠤᠵᠤ ᠪᠤᠯᠬᠤ ᠦᠭᠡᠢ᠂ ᠨᠡᠩ ᠵᠠᠮ ᠤᠨ ᠵᠡᠬᠦᠨ ᠲᠠᠯ᠎ᠡ (ᠡᠰᠡᠷᠬᠦ ᠴᠢᠭᠯᠡᠯ ᠢᠶᠠᠷ ᠶᠠᠪᠤᠵᠤ ᠪᠤᠯᠬᠤ ᠦᠭᠡᠢ)᠃

2. ᠰᠠᠯᠪᠤᠷᠢ ᠵᠠᠮ ᠲᠡᠭᠡᠷ᠎ᠡ ᠬᠦᠷᠪᠡᠯ᠂ ᠡᠷᠭᠡᠪᠰᠢ ᠮᠠᠰᠢᠨ ᠲᠡᠷᠭᠡᠨ ᠳᠤ ᠰᠠᠨᠠᠭᠠᠴᠢᠯᠠᠭ᠎ᠠ ᠠᠴᠠ ᠪᠠᠨ ᠵᠠᠮ ᠲᠠᠯᠪᠢᠨ ᠦᠭᠴᠤ᠂ ᠤᠯᠠᠭᠠᠨ ᠳ᠋ᠸᠡᠭ ᠲᠤᠬᠢᠶᠠᠯᠳᠤᠪᠠᠯ᠂ ᠲᠡᠷᠭᠡ ᠵᠤᠬᠰᠤᠬᠤ ᠱᠤᠭᠤᠮ ᠤᠨ ᠭᠠᠳᠠᠨ᠎ᠡ ᠬᠦᠯᠢᠶᠡᠬᠦ ᠬᠡᠷᠡᠭᠳᠡᠢ᠃ ᠬᠦᠳᠤᠯ ᠲᠠᠪᠠᠭ᠎ᠠ ᠲᠤᠬᠢᠶᠠᠯᠳᠤᠬᠤ ᠪᠤᠶᠤ ᠮᠦᠰᠤ ᠴᠠᠰᠤ ᠲᠠᠢ᠂ ᠬᠠᠯᠳᠤᠷᠢᠭ᠎ᠠ ᠲᠠᠢ ᠭᠠᠵᠠᠷ ᠲᠤ ᠵᠠᠪᠠᠯ ᠲᠡᠷᠭᠡᠨ ᠠᠴᠠ ᠪᠠᠨ ᠪᠠᠭᠤᠬᠤ ᠭᠡᠷᠡᠭᠳᠡᠢ᠃

3. ᠲᠤᠭᠤᠢ ᠤᠨᠤᠵᠤ ᠪᠠᠶᠢᠭᠠᠳ ᠮᠤᠷᠦ᠋ᠢᠬᠤ ᠦᠶᠡᠰ᠂ ᠲᠡᠷᠭᠡᠨ ᠤ ᠬᠤᠷᠳᠤᠴᠨ ᠪᠠᠨ ᠤᠳᠠᠭᠠᠰᠢᠷᠠᠭᠤᠯᠵᠤ ᠠᠷᠳᠰᠢ ᠪᠠᠨ ᠠᠩᠬᠠᠷᠤᠨ ᠬᠠᠷᠠᠵᠤ᠂ ᠭᠠᠷ ᠢᠶᠠᠨ ᠰᠤᠩᠭᠠᠨ ᠲᠤᠬᠢᠶ᠎ᠡ ᠦᠭᠬᠦ ᠭᠡᠷᠡᠭᠳᠡᠢ᠃ ᠵᠡᠬᠦᠠᠰᠢ ᠪᠠᠨ ᠮᠤᠷᠦ᠋ᠢᠬᠤ ᠦᠶᠡᠰ ᠵᠡᠬᠦᠨ ᠭᠠᠷ ᠢᠶᠠᠨ ᠰᠤᠩᠭᠠᠨ ᠲᠤᠬᠢᠶ᠎ᠡ ᠦᠭᠬᠦᠨ᠎ᠡ᠃ ᠪᠠᠷᠠᠭᠤᠠᠰᠢ ᠪᠠᠨ ᠮᠤᠷᠦ᠋ᠢᠬᠤ ᠦᠶᠡᠰ ᠪᠠᠷᠠᠭᠤᠨ ᠭᠠᠷ ᠢᠶᠠᠨ ᠰᠤᠩᠭᠠᠨ ᠲᠤᠬᠢᠶ᠎ᠡ ᠦᠭᠬᠦᠨ᠎ᠡ᠃ᠬᠤᠶᠢᠨ᠎ᠡ ᠠᠴᠠ ᠴᠢᠨᠢ ᠶᠠᠪᠠᠭᠠᠨ ᠬᠦᠮᠤᠨ ᠪᠤᠶᠤ ᠲᠡᠷᠭᠡ ᠦᠢᠷ᠎ᠡ ᠪᠠᠶᠢᠬᠤ ᠦᠭᠡᠢ ᠪᠠᠶᠢᠪᠠᠯ᠂ ᠲᠦᠷᠭᠡᠨ ᠮᠤᠷᠦ᠋ᠢᠵᠤ ᠪᠤᠯᠤᠨ᠎ᠡ᠂ ᠬᠤᠶᠢᠨ᠎ᠡ ᠠᠴᠠ ᠴᠢᠨᠢ ᠶᠠᠪᠠᠭᠠᠨ ᠬᠦᠮᠤᠨ ᠪᠤᠶᠤ ᠲᠡᠷᠭᠡ ᠦᠢᠷ᠎ᠡ ᠪᠠᠶᠢᠬᠤ ᠦᠶᠡᠰ ᠴᠦᠯᠳᠤ ᠮᠦᠯᠳᠦᠭᠡᠨ ᠮᠤᠷᠦ᠋ᠢᠬᠤ ᠶᠢ ᠡᠷᠡᠰ ᠲᠡᠪᠴᠢᠬᠦ ᠭᠡᠷᠡᠭᠳᠡᠢ᠃

4. ᠲᠤᠭᠤᠢ ᠲᠡᠷᠭᠡ ᠵᠠᠮ ᠲᠡᠭᠡᠷ᠎ᠡ ᠵᠤᠬᠰᠤᠬᠤ ᠳᠤ᠂ ᠵᠠᠪᠠᠯ ᠵᠠᠮ ᠬᠠᠷᠢᠯᠴᠠᠭᠠᠨ ᠤ ᠲᠡᠮᠳᠡᠭ ᠤᠨ ᠵᠢᠭᠠᠵᠤ ᠪᠠᠶᠢᠭ᠎ᠠ ᠶᠤᠰᠤᠭᠠᠷ ᠲᠤᠬᠳᠠᠬᠰᠠᠨ ᠭᠠᠵᠠᠷ ᠲᠤ ᠡᠮᠬᠢ ᠲᠢᠭᠯᠢᠮ ᠲᠠᠢ ᠵᠤᠬᠰᠤᠬᠤ ᠭᠡᠷᠡᠭᠳᠡᠢ᠃ ᠵᠠᠮ ᠬᠠᠷᠢᠯᠴᠠᠭᠠᠨ ᠤ ᠲᠡᠮᠳᠡᠭ ᠲᠤᠬᠢᠷᠠᠭᠤᠯᠤᠬᠰᠠᠨ ᠦᠭᠡᠢ ᠵᠠᠮ ᠲᠡᠭᠡᠷ᠎ᠡ ᠵᠤᠬᠰᠤᠬᠤ ᠳᠤ᠂ ᠲᠡᠷᠭᠡ ᠤᠨᠤᠭ᠎ᠠ ᠪᠡ ᠶᠠᠪᠠᠭᠠᠨ ᠬᠦᠮᠤᠨ ᠤ ᠶᠠᠪᠤᠬᠤ ᠶᠢ ᠬᠠᠷᠰᠢᠯᠠᠬᠤ ᠦᠭᠡᠢ ᠪᠠᠷ ᠡᠮᠬᠢ ᠲᠢᠭᠯᠢᠮ ᠲᠠᠢ ᠵᠤᠬᠰᠤᠬᠤ ᠭᠡᠷᠡᠭᠳᠡᠢ᠃

5. ᠲᠤᠮᠦ᠂ ᠲᠤᠮᠳᠡ ᠵᠡᠷᠭᠡ ᠶᠢᠨ ᠬᠤᠳᠡ ᠶᠢᠨ ᠵᠠᠮ ᠢᠶᠠᠷ ᠲᠤᠭᠤᠢ ᠤᠨᠤᠬᠰᠠᠳ᠂ ᠲᠤᠭᠤᠢ ᠶᠢᠨ ᠠᠷᠤ ᠳᠠᠭᠠᠨ ᠪᠤᠰᠤᠳ ᠬᠦᠮᠤᠨ ᠢ ᠠᠴᠢᠵᠤ ᠪᠤᠯᠬᠤ ᠦᠭᠡᠢ᠃

ᠢᠷᠡᠯᠲᠡ᠄      ᠨᠠᠶᠢᠷᠠᠭᠤᠯᠤᠭᠴᠢ᠄