home
home

    ᠵᠠᠯᠠᠢᠳ ᠬᠤᠰᠢᠭᠤᠨ ᠤ ᠰᠤᠷᠭᠠᠨ ᠬᠥᠮᠥᠵᠢᠯ ᠦᠨ ᠰᠢᠰᠲ᠋ᠧᠮ  ᠮᠤᠩᠭᠤᠯ ᠰᠤᠷᠭᠠᠨ ᠬᠥᠮᠥᠵᠢᠯ ᠦᠨ ᠰᠦᠯᠵᠢᠶᠡᠨ ᠦ ᠥᠷᠲᠡᠭᠡ ᠶᠢ ᠰᠤᠷᠴᠤ ᠬᠡᠷᠡᠭᠯᠡᠬᠥ ᠪᠣᠯᠪᠠᠰᠤᠷᠠᠯ ᠤᠨ ᠠᠩᠭᠢ ᠡᠷᠬᠢᠯᠡᠪᠡ

2017-04-20  11:19

2017ᠣᠨ ᠤ ᠲᠦᠷᠪᠢᠨ ᠰᠠᠷ᠎ᠠ ᠶᠢᠨ ᠨᠠᠢᠮᠠᠨ ᠤ ᠡᠳᠦᠷ ᠦᠨ ᠨᠠᠢᠮᠠᠨ ᠴᠠᠭ ᠬᠠᠭᠠᠰ ᠡᠴᠡ ᠠᠷᠪᠠᠨ ᠬᠣᠶᠠᠷ ᠴᠠᠭ ᠤᠨ ᠬᠣᠭᠣᠷᠣᠨᠳᠣ ᠂ᠵᠠᠯᠠᠢᠳ ᠬᠤᠰᠢᠭᠤᠨ ᠤ ᠰᠤᠷᠭᠠᠨ ᠬᠥᠮᠥᠵᠢᠯ ᠦᠨ ᠰᠢᠰᠲ᠋ᠧᠮ ᠦᠨ ᠮᠤᠩᠭᠤᠯ ᠰᠤᠷᠭᠠᠨ ᠬᠥᠮᠥᠵᠢᠯ ᠦᠨ ᠰᠦᠯᠵᠢᠶᠡᠨ ᠦ ᠥᠷᠲᠡᠭᠡ ᠶᠢ ᠰᠤᠷᠴᠤ ᠬᠡᠷᠡᠭᠯᠡᠬᠥ ᠪᠣᠯᠪᠠᠰᠤᠷᠠᠯ ᠤᠨ ᠠᠩᠭᠢ ᠢᠨᠳᠡᠷ ᠵᠢᠷᠭᠤᠭᠠᠳᠤᠭᠠᠷ ᠳᠤᠮᠳᠠᠳᠤ ᠰᠤᠷᠭᠠᠭᠤᠯᠢ ᠳᠤ ᠶᠠᠪᠤᠭᠳᠠᠪᠠ ᠲᠤᠰ ᠤᠳᠠᠭᠠᠨ ᠤ ᠪᠣᠯᠪᠠᠰᠤᠷᠠᠯ ᠤᠨ ᠠᠩᠭᠢ ᠨᠢ ᠠᠢᠮᠠᠭ ᠤᠨ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠣᠷᠳᠣᠨ ᠤ ᠤᠳᠤᠷᠢᠳᠤᠯᠭ᠎ᠠ ᠪᠠᠷ ᠶᠠᠪᠤᠭᠳᠠᠵᠤ ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠲᠥᠪ ᠪᠠ ᠵᠠᠯᠠᠢᠳ ᠬᠤᠰᠢᠭᠤᠨ ᠤ ᠰᠤᠷᠭᠠᠨ ᠬᠥᠮᠥᠵᠢᠯ ᠦᠨ ᠲᠤᠪᠴᠢᠶᠠᠨ ᠤ ᠥᠨᠳᠥᠰᠥᠲᠡᠨ ᠦ ᠰᠤᠷᠭᠠᠨ ᠬᠥᠮᠥᠵᠢᠯ ᠦᠨ ᠰᠠᠯᠠᠭ᠎ᠠ ᠵᠢᠴᠢ ᠢᠨᠳᠡᠷ ᠵᠢᠷᠭᠤᠭᠠᠳᠤᠭᠠᠷ ᠳᠤᠮᠳᠠᠳᠤ ᠰᠤᠷᠭᠠᠭᠤᠯᠢ ᠬᠠᠮᠳᠤ ᠡᠷᠬᠢᠯᠡᠭᠰᠡᠨ ᠪᠠᠢᠨ᠎ᠠ ᠬᠤᠷᠠᠯ ᠳᠤ ᠠᠢᠮᠠᠭ ᠤᠨ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠣᠷᠳᠣᠨ ᠤ ᠮᠠᠨᠳᠤᠬᠤ ᠨᠥᠬᠥᠷ ᠥᠪᠥᠷ ᠮᠤᠩᠭᠤᠯ ᠤᠨ ᠶᠡᠬᠡ ᠰᠤᠷᠭᠠᠭᠤᠯᠢ ᠶᠢᠨ ᠹᠧᠢ ᠯᠥᠩ ᠋ᠫᠷᠣᠹᠧᠰᠰᠣᠷ ᠪᠠ ᠰᠦ ᠰᠢᠶᠠᠩᠳᠥᠩ ᠫᠷᠣᠹᠧᠰᠰᠣᠷ᠂ ᠵᠠᠯᠠᠢᠳ ᠬᠤᠰᠢᠭᠤᠨ ᠤ ᠰᠤᠷᠭᠠᠨ ᠬᠥᠮᠥᠵᠢᠯ ᠦᠨ ᠲᠤᠪᠴᠢᠶᠠᠨ ᠤ ᠥᠨᠳᠥᠰᠥᠲᠡᠨ ᠦ ᠰᠤᠷᠭᠠᠨ ᠬᠥᠮᠥᠵᠢᠯ ᠦᠨᠰᠠᠯᠠᠭ᠎ᠠ ᠶᠢᠨ ᠴᠢ ᠱᠢ ᠡᠯ᠎ ᠢᠨᠳᠡᠷ ᠵᠢᠷᠭᠤᠭᠠᠳᠤᠭᠠᠷ ᠳᠤᠮᠳᠠᠳᠤ ᠰᠤᠷᠭᠠᠭᠤᠯᠢ  ᠶᠢᠨ ᠰᠤᠷᠭᠠᠭᠤᠯᠢ  ᠶᠢᠨ ᠵᠠᠬᠢᠷᠤᠯ ᠶᠢᠨ ᠴᠢᠶᠠᠨ ᠂ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠲᠥᠪ ᠦᠨ ᠡᠷᠬᠢᠯᠡᠭᠴᠢ ᠵᠢᠶᠠᠩ ᠶᠥᠩ ᠴᠢᠶᠠᠩ ᠳᠡᠳ᠋ ᠡᠷᠬᠢᠯᠡᠭᠴᠢ ᠴᠥ ᠋ᠫᠧᠩ ᠋ᠹᠧᠢ ᠵᠡᠷᠭᠡ ᠬᠥᠮᠦᠰ ᠤᠷᠤᠯᠴᠠᠭᠰᠠᠨ ᠪᠠᠢᠨ᠎ᠠ ᠵᠠᠯᠠᠢᠳ ᠬᠤᠰᠢᠭᠤᠨ ᠤ ᠡᠯ᠎ᠡ ᠮᠤᠩᠭᠤᠯ ᠳᠤᠮᠳᠠᠳᠤ ᠪᠠᠭ᠎ᠠ ᠰᠤᠷᠭᠠᠭᠤᠯᠢ ᠵᠢᠭᠠᠬᠤ ᠶᠢ ᠰᠤᠳᠤᠯᠬᠤ ᠲᠠᠰᠤᠭ ᠮᠤᠩᠭᠤᠯ ᠬᠡᠦᠬᠡᠳ ᠦᠨ ᠴᠡᠴᠡᠷᠯᠢᠭ ᠵᠡᠷᠭᠡ ᠨᠢᠭᠡᠴᠡ ᠶᠢᠨ ᠵᠢᠷᠠᠨ ᠨᠡᠷᠡᠰ ᠤᠳᠤᠷᠢᠳᠤᠯᠭ᠎ᠠ ᠪᠠᠭᠰᠢ ᠨᠠᠷ ᠪᠣᠯᠪᠠᠰᠤᠷᠠᠯ ᠬᠦᠷᠲᠡᠪᠡ

ᠪᠣᠯᠪᠠᠰᠤᠷᠠᠯ ᠤᠨ ᠠᠩᠭᠢ ᠨᠢ ᠬᠤᠷᠠᠯ ᠡᠬᠢᠯᠡᠬᠦ ᠶᠣᠰᠣᠯᠠᠯ ᠪᠠ ᠪᠣᠯᠪᠠᠰᠤᠷᠠᠯ ᠭᠡᠬᠦ ᠬᠣᠶᠠᠷ ᠶᠠᠪᠤᠴᠠ ᠪᠠᠷ ᠶᠠᠪᠤᠭᠳᠠᠪᠠ ᠬᠤᠷᠠᠯ ᠡᠬᠢᠯᠡᠬᠦ ᠶᠣᠰᠣᠯᠠᠯ  ᠵᠢᠶᠠᠩ ᠶᠥᠩ ᠴᠢᠶᠠᠩ ᠡᠷᠬᠢᠯᠡᠵᠦ ᠴᠢ ᠱᠢ ᠡᠯ᠎ ᠡᠴᠡ ᠬᠤᠷᠠᠯ ᠡᠬᠢᠯᠡᠬᠦ ᠶᠠᠷᠢᠶ᠎ᠠ ᠲᠠᠯᠪᠢᠪᠠ ᠪᠣᠯᠪᠠᠰᠤᠷᠠᠯ ᠤᠨ ᠶᠠᠪᠤᠴᠠ ᠳᠤ ᠬᠣᠶᠠᠷ ᠫᠷᠣᠹᠧᠰᠰᠣᠷ ᠂ ᠺᠣᠮᠫᠢᠦ᠋ᠲ᠋ᠧᠷ ᠦᠨ ᠬᠢᠴᠢᠶᠡᠯ ᠦᠨ ᠭᠡᠷ ᠦᠨ ᠣᠳᠣᠬᠢᠴᠢᠯᠠᠭᠰᠠᠨ ᠠᠷᠭ᠎ᠠ ᠠᠪᠴᠠᠯ ᠢ ᠭᠦᠢᠴᠡᠳ ᠠᠰᠢᠭᠯᠠᠭᠠᠳ ᠠᠮᠢᠳᠤᠯᠢᠭ ᠣᠢᠯᠠᠭᠠᠮᠵᠢ ᠲᠠᠢ ᠪᠥᠭᠡᠳ ᠰᠢᠰᠲ᠋ᠧᠮ ᠲᠡᠢ ᠰᠠᠢᠬᠠᠨ ᠲᠠᠢᠯᠪᠤᠷᠢᠯᠠᠵᠤ ᠥᠭᠭᠦᠭᠰᠡᠨ ᠪᠠᠢᠨ᠎ᠠ ᠰᠤᠷᠤᠯᠭᠠᠳᠠᠨ ᠪᠠᠭᠰᠢ ᠨᠠᠷ ᠤᠨ ᠰᠤᠷᠤᠯᠴᠠᠬᠤ ᠤᠷᠮ᠎ᠠ ᠬᠥᠭᠵᠢᠭᠡᠨ ᠲᠡᠢ ᠰᠤᠷᠤᠯᠴᠠᠬᠤ ᠢᠳᠡᠪᠬᠢᠵᠢᠯ ᠥᠨᠳᠥᠷ ᠣᠯᠤᠯᠲᠠ ᠶᠡᠬᠡ ᠪᠠᠢᠨ᠎ᠠ ᠃ ᠬᠣᠶᠠᠷ ᠪᠠᠭᠰᠢ ᠠᠴᠠ ᠵᠠᠯᠠᠢᠳ ᠬᠤᠰᠢᠭᠤᠨ ᠤ ᠰᠤᠷᠭᠠᠨ ᠬᠥᠮᠥᠵᠢᠯ ᠦᠨ ᠮᠤᠩᠭᠤᠯ ᠰᠤᠷᠭᠠᠨ ᠬᠥᠮᠥᠵᠢᠯ ᠦᠨ ᠰᠦᠯᠵᠢᠶᠡᠨ ᠦ ᠥᠷᠲᠡᠭᠡ  ᠪᠠ ᠬᠠᠮᠢᠶ᠎ᠠ ᠪᠦᠬᠦᠢ ᠮᠤᠩᠭᠤᠯ ᠰᠤᠹᠲ ᠢ ᠳᠦᠷᠢᠮᠵᠢᠭᠦᠯᠦᠨ ᠬᠡᠷᠡᠭᠯᠡᠬᠥ ᠲᠤᠬᠠᠢ ᠣᠪᠣᠭ᠎ᠠ ᠰᠠᠢᠬᠠᠨ ᠮᠡᠳᠡᠯᠭᠡ ᠴᠢᠳᠠᠪᠤᠷᠢ ᠶᠢ ᠪᠢᠳᠡᠨ ᠳ᠋ᠡᠭᠡᠨ ᠥᠯᠳᠡᠭᠡᠵᠦ ᠥᠭᠭᠦᠭᠰᠡᠨ ᠪᠠᠢᠨ᠎ᠠ

ᠮᠠᠨ ᠤ ᠬᠤᠰᠢᠭᠤᠨ ᠤ ᠬᠢ ᠮᠤᠩᠭᠤᠯ ᠢᠶᠠᠷ ᠬᠢᠴᠢᠶᠡᠯᠯᠡᠬᠦ ᠪᠦᠬᠦ ᠪᠠᠭᠰᠢ ᠨᠠᠷ ᠲᠦ ᠲᠤᠰ ᠪᠣᠯᠪᠠᠰᠤᠷᠠᠯ ᠢ ᠬᠦᠷᠲᠡᠭᠡᠬᠦ ᠪᠡᠷ ᠲᠥᠯᠥᠪᠯᠡᠵᠥ ᠪᠠᠢᠨ᠎ᠠ

ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠲᠥᠪ ᠦᠨ ᠴᠢ ᠬᠥᠬᠡ

2017ᠣᠨ ᠤ ᠲᠦᠷᠪᠢᠨ ᠰᠠᠷ᠎ᠠ ᠶᠢᠨ ᠠᠷᠪᠠᠨ ᠲᠠᠪᠤᠨ ᠤ ᠡᠳᠦᠷ

33333 66666

ᠢᠷᠡᠯᠲᠡ᠄ ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠦᠵᠢᠯ ᠦᠨ ᠲᠥᠪ      ᠨᠠᠶᠢᠷᠠᠭᠤᠯᠤᠭᠴᠢ᠄ ᠴᠢ ᠬᠥᠬᠡ