home
home

    ᠠᠢᠮᠠᠭ ᠤᠨ ᠲᠣᠭᠠᠴᠢᠯᠠᠭᠰᠠᠨ ᠬᠥᠳᠡᠯᠦᠩᠭᠦᠢ ᠲᠤᠷᠱᠢᠯᠲᠠ ᠶᠢᠨ ᠲᠡᠷᠭᠡ ᠵᠠᠯᠠᠢᠳ ᠬᠤᠰᠢᠭᠤᠨ ᠳᠦ ᠬᠦᠷᠴᠦ ᠢᠷᠡᠪᠡ

2017-09-18  15:42

    ᠶᠢᠰᠦᠨ ᠰᠠᠷ᠎ᠠ ᠶᠢᠨ ᠳᠥᠷᠪᠡᠨ ᠦ ᠡᠳᠦᠷ  ᠂ ᠠᠢᠮᠠᠭ ᠤᠨ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠤᠷᠳᠤᠨ ᠤ ᠢᠯᠡᠷᠡᠭᠦᠯᠬᠦ ᠨᠡᠷᠡᠮᠵᠢᠲᠦ ᠲᠣᠭᠠᠴᠢᠯᠠᠭᠰᠠᠨ ᠬᠥᠳᠡᠯᠦᠩᠭᠦᠢ ᠲᠤᠷᠰᠢᠯᠲᠠ ᠶᠢᠨ ᠲᠡᠷᠭᠡ ᠵᠠᠯᠠᠢᠳ ᠬᠤᠰᠢᠭᠤᠨ  ᠳᠦ ᠬᠦᠷᠴᠦ ᠢᠷᠡᠪᠡ ᠃ ᠲᠡᠷᠭᠡ ᠲᠡᠢ ᠬᠠᠮᠲᠤ ᠢᠷᠡᠭᠰᠡᠨ ᠂ ᠠᠢᠮᠠᠭ ᠤᠨ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠤᠷᠳᠤᠨ ᠤ ᠮᠠᠨᠳᠤᠬᠤ ᠪᠠᠭᠰᠢ ᠪᠣᠯ ᠲᠤᠰ ᠲᠡᠷᠭᠡ ᠶᠢ ᠲᠤᠰᠬᠠᠢᠯᠠᠨ ᠬᠠᠮᠢᠶᠠᠷᠤᠭᠴᠢ ᠪᠠᠭᠰᠢ ᠪᠣᠯᠤᠨ᠎ᠠ ᠃ ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠲᠥᠪ ᠦᠨ ᠵᠢᠶᠠᠩ ᠶᠥᠩ ᠴᠢᠶᠠᠩ ᠵᠡᠷᠭᠡ ᠤᠳᠤᠷᠢᠳᠤᠯᠭ᠎ᠠ ᠡᠴᠡ ᠡᠮᠦᠨ᠎ᠡ ᠤᠴᠢᠵᠤ ᠤᠭᠲᠤᠨ ᠠᠪᠤᠭᠰᠠᠨ ᠪᠥᠭᠡᠳ ᠲᠤᠰ ᠲᠡᠷᠭᠡ ᠶᠢ ᠠᠰᠢᠭᠯᠠᠨ ᠬᠡᠷᠡᠭᠯᠡᠬᠥ ᠲᠤᠬᠠᠢ ᠠᠵᠢᠯ ᠤᠨ ᠪᠠᠢᠷᠢᠯᠠᠭᠤᠯᠤᠯᠲᠠ ᠬᠢᠪᠡ ᠃

ᠢᠯᠡᠷᠡᠭᠦᠯᠬᠦ ᠨᠡᠷᠡᠮᠵᠢᠲᠦ ᠲᠡᠷᠭᠡ ᠪᠣᠯ ᠹᠧ ᠱᠠᠨ ᠤ ᠶᠠ ᠵᠢᠶᠠ ᠰᠧ ᠰᠣᠹᠲ᠋ᠧᠶᠢᠷ ᠬᠢᠵᠠᠭᠠᠷᠲᠤ ᠺᠣᠮᠫᠠᠨᠢ ᠶᠢᠨ ᠰᠤᠳᠤᠯᠤᠨ ᠨᠡᠭᠡᠭᠡᠭᠰᠡᠨ ᠲᠡᠷᠭᠡ ᠪᠣᠯᠤᠨ᠎ᠠ ᠃ ᠲᠡᠷᠭᠡᠨ ᠳᠡᠭᠡᠷ᠎ᠡ ᠤᠭᠰᠠᠷᠠᠭᠰᠠᠨ ᠨᠢ ᠪᠠᠭ᠎ᠠ ᠳᠤᠮᠳᠠᠳᠤ ᠰᠤᠷᠭᠠᠭᠤᠯᠢ ᠶᠢᠨ ᠲᠣᠭᠠᠴᠢᠯᠠᠭᠰᠠᠨ ᠲᠤᠷᠰᠢᠯᠲᠠ ᠶᠢᠨ ᠲᠥᠬᠥᠭᠡᠷᠦᠮᠵᠢ ᠪᠣᠯᠤᠨ᠎ᠠ ᠂ ᠨᠡᠢᠲᠡ ᠠᠷᠪᠠᠨ ᠬᠣᠶᠠᠷ ᠪᠦᠯᠦᠭ ᠲᠡᠢ ᠂ ᠪᠦᠯᠦᠭ ᠪᠦᠷᠢ ᠳ᠋ᠤ ᠺᠣᠮᠫᠢᠦ᠋ᠲ᠋ᠧᠷ ᠂ ᠨᠢᠭᠡ ᠢᠵᠢ ᠰᠠᠷᠠᠯ ᠳᠠᠮᠵᠢᠭᠤᠯᠤᠷ ᠪᠠ ᠬᠡᠷᠡᠭᠯᠡᠭᠡᠨ ᠦ ᠰᠤᠹᠲ ᠪᠠᠢᠳᠠᠭ ᠂ ᠡᠳᠡᠭᠡᠷ ᠨᠢ ᠤᠳᠤᠬᠢ ᠳᠡᠯᠡᠬᠡᠢ ᠶᠢᠨ ᠪᠠᠭ᠎ᠠ ᠳᠤᠮᠳᠠᠳᠤ ᠰᠤᠷᠭᠠᠭᠤᠯᠢ ᠶᠢᠨ ᠲᠤᠷᠰᠢᠯᠲᠠ ᠶᠢᠨ ᠬᠠᠮᠤᠭ ᠳᠠᠪᠰᠢᠩᠭᠤᠢ ᠲᠥᠬᠥᠭᠡᠷᠦᠮᠵᠢ ᠪᠣᠯᠤᠨ᠎ᠠ᠃ ᠡᠳᠡᠭᠡᠷ  ᠢ ᠲᠤᠷᠰᠢᠯᠲᠠ ᠶᠢᠨ ᠲᠠᠰᠤᠭ ᠤᠨ ᠪᠠᠭᠠᠵᠢ ᠬᠡᠷᠡᠭᠰᠡᠯ ᠲᠠᠢ ᠬᠠᠮᠲᠤᠷᠠᠨ ᠬᠡᠷᠡᠭᠯᠡᠪᠡᠯ ᠂ ᠲᠤᠷᠰᠢᠯᠲᠠ ᠶᠢᠨ ᠲᠣᠭ᠎ᠠ ᠪᠠᠷᠢᠮᠲᠠ ᠶᠢ ᠨᠡᠩ ᠳᠦᠷᠰᠦᠯᠢᠭ ᠨᠡᠩ ᠤᠨᠤᠪᠴᠢᠲᠠᠢ ᠢᠯᠡᠳᠭᠡᠨ ᠂ ᠰᠤᠷᠤᠭᠴᠢᠳ ᠤᠨ ᠰᠤᠷᠤᠯᠴᠠᠬᠤ ᠤᠷᠠᠮᠰᠢᠯ ᠢ ᠬᠥᠭᠵᠢᠭᠡᠨ ᠂ ᠢᠳᠡᠪᠬᠢᠵᠢᠯ ᠢ ᠳᠠᠢᠴᠢᠯᠠᠵᠤ ᠴᠢᠳᠠᠨ᠎ᠠ ᠃

ᠶᠢᠰᠦᠨ ᠰᠠᠷ᠎ᠠ ᠶᠢᠨ ᠲᠠᠪᠤᠨ ᠤ ᠡᠳᠦᠷ ᠂ ᠵᠠᠯᠠᠢᠳ ᠬᠤᠰᠢᠭᠤᠨ ᠤ ᠴᠠᠬᠢᠯᠭᠠᠴᠢᠯᠠᠭᠰᠠᠨ ᠰᠤᠷᠭᠠᠨ ᠬᠥᠮᠥᠵᠢᠯ ᠦᠨ ᠲᠥᠪ ᠡᠴᠡ ᠢᠨᠳᠡᠷ ᠪᠠᠯᠭᠠᠰᠤᠨ ᠤ ᠡᠯ᠎ᠡ ᠪᠠᠭ᠎ᠠ ᠰᠤᠷᠭᠠᠭᠤᠯᠢ ᠶᠢᠨ 20 ᠨᠡᠷᠡᠰ ᠪᠠᠭᠰᠢ ᠶᠢ ᠴᠤᠭᠯᠠᠭᠤᠯᠤᠨ ᠪᠣᠯᠪᠠᠰᠤᠷᠠᠯ ᠤᠨ ᠠᠩᠭᠢ ᠡᠷᠬᠢᠯᠡᠪᠡ ᠂ ᠡᠭᠦᠨ ᠳ᠋ᠤ ᠲᠤᠷᠰᠢᠯᠲᠠ ᠶᠢᠨ ᠪᠠᠭᠰᠢ ᠪᠠ ᠰᠢᠨᠵᠢᠯᠡᠬᠦ ᠤᠬᠠᠭᠠᠨ ᠤ ᠬᠢᠴᠢᠶᠡᠯ ᠦᠨ ᠪᠠᠭᠰᠢ ᠪᠠᠭᠲᠠᠨ᠎ᠠ ᠃ ᠠᠢᠮᠠᠭ ᠤᠨ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠤᠷᠳᠤᠨ ᠤ ᠮᠠᠨᠳᠤᠬᠤ ᠪᠠᠭᠰᠢ ᠡᠴᠡ ᠲᠡᠷᠭᠡᠨ ᠦ ᠢᠷᠡᠯ ᠪᠠ ᠲᠡᠷᠭᠡ ᠶᠢ ᠬᠡᠷᠬᠢᠨ ᠬᠡᠷᠡᠭᠯᠡᠬᠥ ᠲᠤᠬᠠᠢ ᠲᠠᠢᠯᠪᠤᠷᠢᠯᠠᠵᠤ ᠂ ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠲᠥᠪ ᠦᠨ ᠬᠥᠭᠡ ᠪᠠᠭᠰᠢ ᠡᠴᠡ ᠲᠡᠷᠭᠡᠨ ᠳᠡᠭᠡᠷᠡᠬᠢ ᠲᠥᠬᠥᠭᠡᠷᠦᠮᠵᠢ ᠶᠢ ᠬᠡᠷᠬᠢᠨ ᠲᠤᠷᠰᠢᠯᠲᠠ ᠶᠢᠨ ᠪᠠᠭᠠᠵᠢ ᠬᠡᠷᠡᠭᠰᠡᠯ ᠲᠠᠢ ᠤᠶᠠᠯᠳᠤᠭᠤᠯᠤᠭᠠᠳ ᠲᠤᠷᠰᠢᠯᠲᠠ ᠬᠢᠬᠦ ᠲᠤᠬᠠᠢ ᠲᠠᠢᠯᠪᠤᠷᠢᠯᠠᠪᠠ ᠃ ᠪᠣᠯᠪᠠᠰᠤᠷᠠᠯ ᠤᠨ ᠠᠩᠭᠢ ᠨᠢ ᠨᠡᠯᠢᠶᠡᠳ ᠰᠠᠢᠬᠠᠨ ᠦᠷ᠎ᠡ ᠪᠦᠲᠦᠮᠵᠢ ᠶᠢ ᠤᠯᠪᠠ ᠃

ᠶᠢᠰᠦᠨ ᠰᠠᠷ᠎ᠠ ᠶᠢᠨ ᠵᠢᠷᠭᠤᠭᠠᠨ ᠤ ᠡᠳᠦᠷ ᠡᠴᠡ ᠡᠬᠢᠯᠡᠨ ᠲᠤᠷᠰᠢᠯᠲᠠ  ᠶᠢᠨ ᠬᠢᠴᠢᠶᠡᠯ ᠤᠷᠪᠠ ᠃ ᠬᠢᠴᠢᠶᠡᠯ ᠦᠨ ᠦᠷ᠎ᠡ ᠪᠦᠲᠦᠮᠵᠢ ᠶᠢ ᠳᠡᠭᠡᠭᠰᠢᠯᠡᠭᠦᠯᠬᠦ ᠶᠢᠨ ᠲᠥᠯᠥᠭᠡ ᠂ ᠮᠠᠨᠳᠤᠬᠤ ᠪᠠᠭᠰᠢ ᠂ ᠬᠦᠬᠡ ᠪᠠᠭᠰᠢ ᠂ ᠰᠤᠷᠭᠠᠭᠤᠯᠢ ᠶᠢᠨ ᠪᠠᠭᠰᠢ ᠬᠠᠮᠲᠤᠪᠠᠷ ᠬᠢᠴᠢᠶᠡᠯ ᠰᠤᠳᠤᠯᠤᠨ ᠪᠡᠯᠡᠳᠭᠡᠵᠤ ᠂ ᠰᠤᠷᠤᠭᠴᠢ ᠶᠢᠨ ᠠᠮᠢᠳᠤᠷᠠᠯ ᠳᠤᠮᠳᠠ ᠡᠴᠡ ᠰᠡᠳᠦᠪ ᠰᠣᠩᠭᠣᠵᠤ ᠂ ᠬᠠᠮᠲᠤ ᠳ᠋ᠤᠨᠢ ᠰᠤᠷᠭᠠᠭᠤᠯᠢ ᠶᠢᠨ ᠪᠠᠭᠰᠢ ᠨᠠᠷ ᠢ ᠴᠢᠳᠠᠬᠤ ᠬᠢᠷᠢ  ᠪᠷ ᠬᠢᠴᠢᠶᠡᠯ ᠲᠠᠢᠯᠪᠤᠷᠢᠯᠠᠬᠤ ᠳ᠋ᠤ ᠤᠷᠤᠯᠴᠠᠭᠤᠯᠤᠨ ᠂ ᠪᠠᠭᠰᠢ ᠰᠤᠷᠤᠭᠴᠢ ᠶᠢᠨ ᠬᠠᠷᠠᠭ᠎ᠠ ᠶᠢ ᠦᠷᠭᠡᠳᠭᠡᠨ ᠴᠢᠳᠠᠭᠰᠠᠨ ᠪᠠᠢᠨ᠎ᠠ ᠃

ᠲᠤᠰ ᠬᠥᠳᠡᠯᠭᠡᠨ ᠨᠢ ᠮᠠᠨ ᠤ ᠬᠤᠰᠢᠭᠤᠨ ᠳᠤ ᠠᠷᠪᠠᠨ ᠲᠠᠪᠤᠨ ᠡᠳᠦᠷ ᠦᠷᠬᠦᠯᠵᠢᠯᠡᠵᠤ ᠂ ᠪᠠᠭᠰᠢ ᠰᠤᠷᠤᠭᠴᠢ ᠶᠢᠨ ᠰᠠᠢᠨ ᠰᠠᠢᠬᠠᠨ ᠦᠨᠡᠯᠡᠯᠲᠡ ᠶᠢ ᠤᠯᠪᠠ ᠃ ᠲᠤᠷᠰᠢᠯᠲᠠ ᠶᠢᠨ ᠲᠡᠷᠭᠡ ᠤᠳᠠᠭ᠎ᠠ ᠳᠠᠷᠠᠭᠠᠯᠠᠨ ᠢᠨᠳᠡᠷ ᠨᠢᠭᠡᠳᠥᠭᠡᠷ ᠂ ᠬᠣᠶᠠᠳᠤᠭᠠᠷ ᠂ ᠵᠢᠷᠭᠤᠭᠠᠳᠤᠭᠠᠷ ᠂ ᠳᠣᠯᠤᠳᠤᠭᠠᠷ ᠂ ᠶᠢᠰᠦᠳᠦᠭᠡᠷ ᠵᠡᠷᠭᠡ ᠬᠢᠲᠠᠳ ᠮᠤᠩᠭᠤᠯ ᠪᠠᠭ᠎ᠠ ᠰᠤᠷᠭᠠᠭᠤᠯᠢ ᠳᠤ ᠤᠴᠢᠭᠰᠠᠨ ᠪᠥᠭᠡᠳ ᠂ ᠬᠢᠴᠢᠶᠡᠯ ᠦᠨ ᠵᠢᠭᠠᠯᠲᠠ ᠳ᠋ᠤ ᠤᠷᠤᠯᠴᠠᠭᠰᠠᠨ ᠪᠠᠭᠰᠢ 26 ᠨᠡᠷᠡᠰ ᠂ ᠬᠢᠴᠢᠶᠡᠯ ᠰᠣᠨᠣᠰᠤᠭᠰᠠᠨ ᠰᠤᠷᠤᠭᠴᠢ 2076 ᠨᠡᠷᠡᠰ ᠲᠦ ᠬᠦᠷᠴᠡᠢ ᠃ ᠲᠤᠰ ᠬᠥᠳᠡᠯᠭᠡᠨ ᠨᠢ ᠪᠠᠭᠰᠢ ᠰᠤᠷᠤᠭᠴᠢᠳ ᠤᠨ ᠲᠤᠷᠰᠢᠯᠲᠠ ᠶᠢᠨ ᠬᠢᠴᠢᠶᠡᠯ ᠳ᠋ᠤ ᠬᠠᠨᠳᠤᠬᠤ ᠤᠪᠤᠷ ᠢ ᠥᠭᠡᠷᠡᠴᠢᠯᠡᠭᠰᠡᠨ ᠪᠥᠭᠡᠳ ᠮᠠᠨ ᠤ ᠬᠤᠰᠢᠭᠤᠨ ᠤ ᠲᠤᠷᠰᠢᠯᠲᠠ ᠶᠢᠨ ᠵᠢᠭᠠᠨ ᠰᠤᠷᠭᠠᠯᠲᠠ ᠳ᠋ᠤ ᠢᠳᠡᠪᠬᠢᠲᠡᠢ ᠦᠢᠯᠡᠳᠦᠯ ᠦᠵᠡᠭᠦᠯᠬᠦ ᠨᠢ ᠯᠠᠪᠲᠠᠢ ᠃

 

ᠢᠷᠡᠯᠲᠡ᠄ ᠵᠠᠯᠠᠢᠳ ᠬᠤᠰᠢᠭᠤᠨ ᠤ ᠴᠠᠬᠢᠯᠭᠠᠨᠴᠢᠯᠠᠭᠰᠠᠨ ᠰᠤᠷᠭᠠᠨ ᠬᠥᠮᠥᠵᠢᠯ ᠦᠨ ᠲᠥᠪ      ᠨᠠᠶᠢᠷᠠᠭᠤᠯᠤᠭᠴᠢ᠄ᠴᠢ ᠬᠥᠬᠡ