home
home

    ᠪᠠᠶᠠᠨᠬᠤᠰᠢᠭᠤ ᠲᠦᠷᠪᠡᠳᠦᠭᠡᠷ ᠲᠤᠮᠳᠠᠳᠣ ᠰᠣᠷᠭᠠᠭᠤᠯᠢ 33 ᠳ᠋ᠣᠭᠠᠷ ᠪᠠᠭᠰᠢ ᠶᠢᠨ ᠪᠠᠶᠠᠷ ᠢ ᠦᠪᠡᠳᠡᠭᠰᠢ ᠶᠡᠬᠡᠪᠡᠷ ᠪᠡᠯᠬᠡᠯᠡᠪᠡ

2017-09-19  21:59

1

9 ᠰᠠᠷ᠎ᠠ ᠶᠢᠨ 8  ᠋  ᠋ ᠶᠢᠨ ᠡᠳᠦᠷ ᠤᠨ ᠦᠳᠡ ᠶᠢᠨ ᠡᠮᠦᠨ᠎ᠡ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠲᠤᠮᠳᠠᠳᠣ ᠬᠤᠰᠢᠭᠤᠨ ᠤ ᠪᠠᠶᠠᠨᠬᠤᠰᠢᠭᠤ ᠲᠦᠷᠪᠡᠳᠦᠭᠡᠷ ᠲᠤᠮᠳᠠᠳᠣ ᠰᠣᠷᠭᠠᠭᠤᠯᠢ ᠶᠢᠨ 33 ᠳ᠋ᠣᠭᠠᠷ ᠪᠠᠭᠰᠢ ᠶᠢᠨ ᠪᠠᠶᠠᠷ ᠢ ᠪᠡᠯᠬᠡᠯᠡᠬᠦ ᠵᠢᠴᠢ 2017 ᠤᠨ ᠤ ᠲᠤᠤᠷᠠᠳᠣ ᠬᠤᠭᠤᠴᠠᠭᠠᠨ ᠤ ᠰᠤᠷᠣᠯᠭ᠎ᠠ ᠡᠬᠢᠯᠡᠬᠦ ᠶᠤᠰᠣᠯᠠᠯ ᠨᠢ ᠤᠯᠤᠰ ᠤᠨ ᠲᠠᠭᠤᠤ ᠶᠢᠨ ᠬᠦᠩᠬᠢᠨᠡᠮ᠎ᠡ ᠠᠶᠠᠰ ᠤᠨ ᠲᠠᠭᠠᠤ ᠣᠴᠢᠷᠳᠠᠢ ᠰᠠᠶᠢᠬᠠᠨ ᠡᠬᠢᠯᠡᠵᠤ᠂ ᠤᠳᠬ᠎ᠠ ᠲᠡᠭᠦᠯᠳᠡᠷ ᠦᠨᠳᠦᠷᠯᠡᠭᠰᠡᠨ ᠪᠠᠶᠢᠨ᠎ᠠ᠃

2

9 ᠰᠠᠷ᠎ᠠ ᠶᠢᠨ8  ᠋  ᠋ ᠶᠢᠨ ᠡᠳᠦᠷ ᠤᠨ ᠦᠳᠡ ᠶᠢᠨ ᠡᠮᠦᠨ᠎ᠡ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠣᠨ ᠲᠤᠮᠳᠠᠳᠣ ᠬᠤᠰᠢᠭᠤᠨ ᠤ ᠪᠠᠶᠠᠨᠬᠤᠰᠢᠭᠤ ᠲᠦᠷᠪᠡᠳᠦᠭᠡᠷ ᠲᠤᠮᠳᠠᠳᠣ ᠰᠣᠷᠭᠠᠭᠤᠯᠢ ᠶᠢᠨ 33 ᠳ᠋ᠣᠭᠠᠷ ᠪᠠᠭᠰᠢ ᠶᠢᠨ ᠪᠠᠶᠠᠷ ᠢ ᠪᠡᠯᠬᠡᠯᠡᠬᠦ ᠵᠢᠴᠢ 2017 ᠤᠨ ᠤ ᠲᠤᠤᠷᠠᠳᠣ ᠬᠤᠭᠤᠴᠠᠭᠠᠨ ᠤ ᠰᠤᠷᠣᠯᠭ᠎ᠠ ᠡᠬᠢᠯᠡᠬᠦ ᠶᠤᠰᠣᠯᠠᠯ ᠨᠢ ᠤᠯᠤᠰ ᠤᠨ ᠲᠠᠭᠤᠤ ᠶᠢᠨ ᠬᠦᠩᠬᠢᠨᠡᠮ᠎ᠡ ᠠᠶᠠᠰ ᠤᠨ ᠲᠠᠭᠠᠤ ᠣᠴᠢᠷᠳᠠᠢ ᠰᠠᠶᠢᠬᠠᠨ ᠡᠬᠢᠯᠡᠵᠤ᠂ ᠤᠳᠬ᠎ᠠ ᠲᠡᠭᠦᠯᠳᠡᠷ ᠦᠨᠳᠦᠷᠯᠡᠭᠰᠡᠨ ᠪᠠᠶᠢᠨ᠎ᠠ᠃ᠶᠤᠰᠣᠯᠠᠯ ᠤᠨ ᠲᠡᠷᠢᠬᠦᠨ ᠳᠤ᠂ ᠰᠣᠷᠭᠠᠭᠤᠯᠢ ᠶᠢᠨ ᠲᠡᠳ᠋ ᠵᠠᠬᠢᠷᠣᠯ ᠤᠷᠬᠢᠯ ᠪᠠᠭᠰᠢ ᠠᠴᠠ ᠬᠤᠷᠠᠯ ᠡᠬᠢᠯᠡᠬᠦ ᠦᠬᠡ ᠶᠠᠷᠢᠵᠤ᠂ᠰᠣᠷᠭᠠᠭᠤᠯᠢ ᠶᠢᠨ ᠠᠵᠢᠯ ᠤᠨ ᠭᠤᠤᠯᠳᠠᠯᠭ᠎ᠠ ᠪᠠᠨ ᠨᠡᠶᠢᠲᠡᠯᠡᠭᠰᠡᠨ ᠤ ᠲᠠᠷᠠᠭ᠎ᠠ ᠰᠢᠯᠢᠳᠡᠭ ᠪᠠᠭᠰᠢ ᠶᠢᠨ ᠲᠦᠯᠦᠭᠡᠯᠡᠭᠴᠢ ᠰᠠᠷᠠᠭᠤᠯ ᠪᠠᠭᠰᠢ ᠠᠴᠠ ᠪᠠᠶᠠᠷ ᠤᠨ ᠡᠳᠦᠷ ᠤᠨ ᠪᠡᠯᠭᠡ ᠲᠠᠢ ᠰᠠᠶᠢᠬᠠᠨ ᠦᠬᠡ ᠪᠠᠨ ᠪᠠᠳᠠᠭ ᠰᠢᠯᠦᠭ ᠲᠠᠢ ᠤᠶᠠᠩᠭᠠᠯᠠᠪᠠ᠃ᠰᠣᠷᠣᠭᠴᠢ ᠶᠢᠨ ᠲᠦᠯᠦᠬᠡᠯᠡᠭᠴᠢ ᠢᠷᠠᠭᠤᠬᠠᠨ ᠠᠴᠠ ᠪᠠᠭᠰᠢ ᠶᠢᠨ ᠪᠠᠶᠠᠷ ᠲᠤ ᠪᠠᠨ ᠤᠶᠠᠩᠭ᠎ᠠ ᠨᠠᠶᠢᠷᠠᠭ ᠡᠷᠬᠦᠨ᠂ ᠪᠦᠬᠦᠳᠡ ᠤᠯᠠᠨ ᠤ ᠰᠡᠳᠬᠢᠯ ᠪᠦᠬᠡᠮ ᠪᠠᠶᠠᠷ ᠢᠶᠠᠷ ᠴᠠᠯᠬᠢᠯᠠᠬᠤ ᠭᠱᠠᠨ᠎ᠠ ᠰᠣᠷᠭᠠᠭᠤᠯᠢ ᠶᠢᠨ ᠵᠠᠬᠢᠷᠣᠯ ᠬᠠᠨ ᠢᠦᠢ ᠪᠤᠣ ᠲᠦᠷᠦᠬᠦᠳᠡᠢ ᠤᠳᠣᠷᠢᠳᠬᠤ ᠪᠠᠭ ᠤᠨ ᠨᠦᠬᠦᠳ ᠠᠴᠠ 35 ᠵᠢᠯ ᠠᠴᠠ ᠲᠡᠭᠡᠭᠰᠢ ᠠᠵᠢᠯ ᠤᠨ ᠨᠠᠮᠳᠠᠷ ᠲᠠᠢ ᠵᠤ᠋ ᠴᠠᠩ ᠵᠢᠶᠠᠩ᠂ ᠪᠦᠷᠬᠦᠳ᠂ ᠪᠦᠷᠢᠨᠰᠠᠩ᠂ ᠵᠠᠩ ᠯᠢᠩ ᠰᠢᠶᠤᠣ᠂ ᠪᠠᠢ ᠴᠢᠤᠸᠠᠨ᠂ ᠴᠧᠨ ᠱᠤᠸᠠᠨ ᠵᠤ᠋᠂ ᠲᠠᠷᠣᠶᠢᠬᠦᠤ᠂ ᠰᠠᠶᠢᠬᠠᠨᠴᠢᠮᠡᠭ ᠵᠡᠷᠭᠡ 8 ᠠᠬᠠᠮᠠᠳ ᠪᠠᠭᠰᠢ ᠳᠤ ᠪᠠᠨ ᠤᠯᠠᠭᠠᠨ ᠬᠤᠸᠠᠷ ᠵᠡᠬᠦᠯᠬᠡᠨ ᠬᠦᠨᠳᠦᠳᠭᠡᠯ ᠪᠢᠰᠢᠷᠡᠯ ᠤᠨ ᠰᠡᠳᠬᠢᠯᠭᠡ ᠪᠠᠨ ᠢᠯᠡᠳᠭᠡᠪᠡ᠃ ᠲᠠᠷᠠᠭᠠᠨ ᠳᠤᠨᠢ 2017 ᠤᠨ ᠤ ᠲᠤᠮᠳᠠᠳᠣ ᠰᠢᠯᠭᠠᠯᠳᠠ  ᠳᠤ ᠬᠢᠯᠠᠯᠵᠠᠮ᠎ᠠ ᠠᠮᠵᠢᠯᠳᠠ ᠤᠯᠤᠭᠰᠠᠨ ᠪᠠᠭᠰᠢ ᠨᠠᠷ᠂ ᠰᠢᠯᠢᠳᠡᠭ ᠪᠠᠭᠰᠢ ᠠᠵᠢᠯᠳᠠᠳ᠂ ᠰᠢᠯᠢᠳᠡᠭ ᠨᠠᠮ ᠤᠨ ᠭᠡᠰᠢᠬᠦᠨ᠂ ᠰᠢᠯᠢᠳᠡᠭ ᠵᠢᠯᠤᠭᠤᠳᠣᠭᠰᠠᠨ ᠪᠠᠭᠰᠢ᠂ ᠰᠣᠨᠢᠨ ᠮᠡᠳᠡᠭᠡ ᠶᠢᠨ ᠤᠬᠠᠭᠤᠯᠬᠤ ᠠᠵᠢᠯ ᠤᠨ ᠪᠠᠭᠰᠢ᠂ ᠰᠢᠯᠢᠳᠡᠭ ᠰᠣᠷᠣᠭᠴᠢ ᠨᠠᠷ ᠢ ᠬᠦᠬᠢᠭᠦᠯᠪᠡ᠃

3

ᠢᠷᠡᠯᠲᠡ᠄      ᠨᠠᠶᠢᠷᠠᠭᠤᠯᠤᠭᠴᠢ᠄