home
home

    ᠶᠤᠰᠤ ᠰᠤᠷᠲᠠᠬᠤᠨ ᠤ ᠬᠦᠮᠤᠵᠢᠯ

2017-09-19  22:14

《ᠮᠤᠷᠠᠯ ᠦᠬᠡᠢ ᠬᠦᠮᠤᠨ᠂ ᠢᠷᠤᠭᠠᠯ ᠦᠬᠡᠢ ᠰᠠᠪᠠ ᠲᠠᠢ ᠠᠳᠠᠯᠢ》ᠬᠡᠳᠡᠭ ᠮᠡᠷᠬᠡᠨ ᠦᠬᠡ ᠪᠠᠶᠢᠳᠠᠭ᠃ ᠡᠬᠦᠨ ᠲᠠᠢ ᠠᠳᠠᠯᠢ ᠪᠠᠷ ᠬᠡᠤᠬᠡᠳ ᠤᠨ ᠶᠤᠰᠤ ᠮᠤᠷᠠᠯ ᠤᠨ ᠬᠦᠮᠤᠵᠢᠯ ᠪᠤᠯ ᠬᠡᠷ ᠪᠦᠯᠢ ᠶᠢᠨ ᠬᠦᠮᠤᠵᠢᠯ ᠤᠨ ᠴᠢᠬᠤᠯᠠ ᠨᠢᠬᠡ ᠶᠠᠪᠤᠴᠠ ᠪᠤᠯᠬᠤ ᠶᠤᠮ᠃ᠬᠡᠤᠬᠡᠳ ᠡᠵᠢ ᠶᠢᠨ ᠬᠡᠪᠠᠯᠢ ᠠᠴᠠ ᠲᠦᠷᠤᠮᠡᠭᠴᠠ ᠬᠠᠮᠤᠭ ᠪᠦᠬᠦᠨ  ᠢ ᠤᠶᠢᠯᠠᠭᠠᠬᠤ ᠴᠢᠳᠠᠪᠤᠷᠢ ᠪᠠᠶᠢᠬᠤ ᠦᠬᠡᠢ᠂ ᠬᠠᠷᠢᠨ ᠠᠯᠭᠤᠷ ᠠᠭᠠᠵᠢᠮ ᠪᠦᠢᠵᠢᠯᠲᠠ ᠶᠢᠨ ᠲᠤᠮᠳᠠ ᠤᠶᠤᠨ ᠤᠬᠠᠭᠠᠨ ᠤ ᠬᠦᠭᠵᠢᠬᠦ ᠶᠢ ᠲᠠᠭᠠᠯᠳᠤᠨ ᠬᠦᠯ ᠳᠤ ᠤᠷᠤᠵᠤ᠂ ᠬᠡᠯᠠ  ᠳᠤ ᠤᠷᠤᠵᠤ ᠲᠠᠬᠢᠨ ᠬᠡᠷᠡᠭ ᠶᠠᠪᠤᠳᠠᠯ ᠢ ᠠᠯᠬᠤᠮ ᠠᠯᠬᠤᠮ  ᠢᠶᠠᠷ ᠤᠬᠠᠭᠠᠷᠠᠳᠠᠭ᠃ ᠡᠨᠠ ᠪᠤᠯ ᠬᠡᠤᠬᠡᠳ ᠤᠨ ᠪᠦᠢᠵᠢᠯᠲᠠ ᠶᠢᠨ ᠹᠢᠽᠢᠦᠯᠤᠬᠢ ᠶᠢᠨ ᠵᠢᠮ᠎ᠠ ᠶᠤᠰᠤ ᠶᠤᠮ᠂ ᠡᠨᠡᠬᠦ ᠬᠤᠭᠤᠴᠠᠭᠠᠨ ᠠᠴᠠ ᠬᠡᠷ ᠪᠦᠯᠢ ᠶᠢᠨ ᠬᠦᠮᠤᠵᠢᠯ ᠡᠬᠢᠯᠡᠨ᠎ᠠ᠃ ᠬᠡᠤᠬᠡᠳ  ᠤᠨ ᠤᠨᠠᠭᠠᠨ ᠨᠠᠰᠤ ᠪᠤᠯ ᠤᠬᠠᠭ᠎ᠠ ᠬᠦᠢᠴᠠᠳ ᠦᠬᠡᠢ ᠨᠢᠯᠬᠠᠰᠠᠭ ᠦᠶ᠎ᠠ᠂ ᠡᠶᠢᠮᠤ ᠠᠴᠠ ᠬᠡᠷ ᠤᠨ ᠠᠬᠠᠮᠠᠳ ᠡᠨᠠ ᠦᠶ᠎ᠠ ᠠᠴᠠ ᠡᠬᠢᠯᠠᠵᠤ ᠬᠡᠤᠬᠡᠳ ᠲᠤ ᠬᠠᠯᠠᠭᠤᠨ᠂ᠬᠦᠢᠲᠠᠨ᠂ᠭᠠᠰᠢᠭᠤᠨ᠂ᠠᠮᠲᠠᠶᠢᠬᠠᠨ ᠠᠮᠢᠳᠤᠷᠠᠯ ᠤᠨ ᠬᠡᠷᠡᠭ ᠤᠴᠢᠷ ᠢ ᠰᠤᠷᠭᠠᠨ ᠬᠦᠮᠤᠵᠢᠬᠦᠯᠬᠦ ᠶᠢᠨ ᠬᠠᠮᠲᠤ ᠶᠠᠭᠤ ᠶᠢ ᠬᠢᠵᠤ ᠪᠤᠯᠬᠤ᠂ ᠶᠠᠭᠤ ᠶᠢ ᠬᠢᠵᠤ ᠪᠤᠯᠬᠤ ᠦᠬᠡᠢ ᠠᠴᠠ ᠠᠪᠤᠭᠠᠳ ᠠᠬ᠎ᠠ ᠶᠠᠬᠡᠰ  ᠢᠶᠠᠨ ᠬᠦᠠᠳᠤᠯᠠᠬᠦ᠂ ᠠᠷᠢᠭᠤᠨ ᠴᠡᠪᠠᠷ ᠢ ᠡᠷᠬᠢᠮᠯᠡᠬᠦ ᠵᠡᠷᠬᠡ ᠡᠩ ᠤᠨ ᠶᠤᠰᠤ ᠮᠤᠷᠠᠯ ᠤᠨ ᠬᠦᠮᠤᠵᠢᠯ ᠢ ᠭᠤᠤᠯᠳᠠᠯᠭ᠎ᠠ ᠪᠤᠯᠭᠠᠨ᠂ ᠬᠡᠤᠬᠡᠳ ᠤᠨ ᠴᠡᠴᠡᠷᠯᠢᠭ ᠲᠤ ᠤᠷᠤᠬᠤ ᠬᠦᠷᠲᠠᠯ᠎ᠠ ᠨᠠᠶᠢᠬᠡᠮ ᠤᠨ ᠡᠩ ᠤᠨ ᠶᠤᠰᠤ ᠮᠤᠷᠠᠯ ᠤᠨ ᠲᠤᠬᠠᠢ ᠪᠦᠷᠢᠨ ᠬᠦᠢᠴᠠᠳ ᠤᠬᠠᠮᠰᠠᠷ ᠲᠠᠢ ᠪᠤᠯᠭᠠᠨ ᠬᠦᠮᠤᠵᠢᠬᠦᠯᠤᠨ᠎ᠠ᠃

4

ᠤᠳᠤ ᠶᠢᠨ ᠨᠠᠶᠢᠬᠡᠮ ᠳᠤ ᠵᠠᠷᠢᠮ ᠭᠡᠷ ᠤᠨ ᠠᠬᠠᠠᠮᠳ ᠪᠤᠯᠤᠭᠰᠠᠳ ᠶᠤᠰᠤ ᠮᠤᠷᠠᠯ ᠤᠨ ᠬᠦᠮᠤᠵᠢᠯ ᠢ ᠴᠢᠬᠤᠯᠠᠴᠢᠯᠠᠬᠤ ᠦᠬᠡᠢ ᠦᠵᠡᠭᠳᠡᠯ ᠤᠷᠤᠰᠢᠵᠤ ᠪᠠᠶᠢᠨ᠎ᠠ᠃ ᠲᠡᠳᠡᠨ  ᠤ ᠬᠡᠯᠠᠬᠦ  ᠪᠠᠷ᠄《ᠲᠤᠷ᠎ᠠ ᠵᠤᠷᠢᠭ ᠢᠶᠠᠷ ᠢᠶᠠᠨ ᠪᠠᠶᠢᠬᠤ ᠨᠢ ᠬᠡᠤᠬᠡᠳ ᠢ ᠰᠦᠰᠤ ᠵᠤᠷᠢᠭ ᠲᠠᠢ ᠪᠤᠯᠭᠠᠨ᠎ᠠ᠂ ᠶᠠᠭᠤᠮ᠎ᠠ ᠪᠦᠬᠦᠨ ᠢ ᠬᠤᠷᠢᠭᠯᠠᠭᠠᠳ ᠪᠠᠶᠢᠪᠠᠯ ᠵᠤᠷᠢᠭ ᠦᠬᠡᠢ ᠠᠶᠣᠮᠠᠲᠠᠭᠠᠢ ᠬᠡᠤᠬᠡᠳ ᠪᠤᠯᠤᠨ᠎ᠠ 》ᠬᠡᠵᠤ ᠬᠡᠤᠬᠡᠳ ᠢ ᠶᠠᠭᠤ ᠬᠢᠵᠤ ᠶᠠᠭᠠᠬᠢᠵᠤ ᠠᠭᠠᠰᠢᠯᠠᠪᠠᠯ ᠶᠠᠷᠤ ᠬᠠᠮᠢᠶᠠᠷᠬᠤ ᠦᠬᠡᠢ ᠪᠠᠶᠢᠳᠠᠭ᠃ ᠡᠨᠠ ᠪᠤᠯ ᠲᠠᠷᠤᠢ ᠪᠤᠷᠤᠭᠤ ᠦᠵᠡᠯᠲᠠ ᠶᠤᠮ᠃ ᠤᠬᠠᠭ᠎ᠠ ᠤᠷᠤᠬᠤ ᠠᠴᠠ ᠠᠪᠤᠭᠠᠳ ᠶᠤᠰᠤ ᠮᠤᠷᠠᠯ  ᠲᠠᠢ ᠪᠤᠯᠬᠤ ᠶᠢ ᠰᠤᠷᠭᠠᠵᠤ᠂ ᠶᠠᠭᠤ ᠶᠢ ᠬᠢᠵᠤ ᠪᠤᠯᠬᠤ᠂ ᠶᠠᠭᠤ ᠶᠢ ᠬᠢᠵᠤ ᠪᠤᠯᠬᠤ ᠦᠬᠡᠢ᠂ ᠶᠠᠮᠠᠷ ᠶᠠᠭᠤᠮ᠎ᠠ ᠠᠶᠤᠯ ᠲᠠᠢ᠂ ᠶᠠᠭᠠᠬᠢᠵᠤ ᠲᠠᠬᠦᠨ ᠠᠴᠠ ᠰᠡᠷᠬᠡᠶᠢᠯᠡᠬᠦ ᠵᠡᠷᠬᠡ ᠠᠮᠢᠳᠤᠷᠠᠯ  ᠤᠨ ᠵᠢᠮ᠎ᠠ ᠶᠤᠰᠤ  ᠶᠢ ᠵᠢᠭᠠᠵᠤ ᠬᠦᠮᠤᠵᠢᠬᠦᠯᠬᠦ ᠪᠤᠯ ᠬᠡᠤᠬᠡᠳ ᠤᠨ ᠶᠤᠰᠤ ᠮᠤᠷᠠᠯ ᠲᠠᠢ᠂ ᠪᠤᠯᠪᠠᠰᠤᠨ ᠰᠤᠷᠲᠠᠯ ᠲᠠᠢ ᠪᠤᠯᠭᠠᠵᠤ ᠬᠦᠮᠤᠵᠢᠬᠦᠯᠬᠦ ᠶᠢᠨ ᠵᠠᠩᠬᠢᠯᠠᠭ᠎ᠠ ᠪᠤᠯᠬᠤ ᠶᠤᠮ᠃

5

《ᠬᠦᠮᠤᠨ ᠪᠣᠯᠬᠤ ᠪᠠᠭ᠎ᠠ ᠠᠴᠠ ᠪᠠᠨ᠂ ᠬᠦᠯᠦᠭ ᠪᠣᠯᠬᠤ ᠤᠨᠠᠭᠠᠨ ᠠᠴᠠ ᠪᠠᠨ 》ᠬᠡᠵᠤ ᠮᠠᠨ ᠤ ᠡᠪᠦᠭᠡ ᠲᠡᠬᠡᠳᠤᠰ ᠬᠡᠤᠬᠡᠳ ᠢᠶᠠᠨ ᠤᠨᠠᠭᠠᠨ ᠴᠠᠭ ᠠᠴᠠ ᠨᠢ ᠶᠤᠰᠤ ᠮᠤᠷᠠᠯ  ᠲᠠᠢ ᠪᠤᠯᠭᠠᠨ ᠬᠦᠮᠤᠵᠢᠬᠦᠯᠵᠤ ᠢᠷᠡᠭᠰᠠᠨ ᠶᠤᠮ᠃ ᠲᠡᠶᠢᠮᠤ ᠠᠴᠠ ᠵᠠᠷᠢᠮ ᠬᠤᠷᠢᠭᠯᠠᠬᠤ ᠶᠠᠪᠤᠳᠠᠯ ᠢ ᠬᠤᠷᠢᠭᠯᠠᠵᠤ᠂ ᠬᠢᠬᠦ ᠵᠦᠪᠲᠠᠢ ᠬᠡᠷᠡᠭ  ᠢ ᠵᠤᠷᠢᠬᠵᠢᠭᠤᠯᠤᠨ ᠬᠦᠮᠤᠵᠢᠬᠦᠯᠬᠦ ᠠᠷᠭ᠎ᠠ ᠪᠤᠯ ᠰᠢᠨᠵᠢᠯᠡᠬᠦ ᠤᠬᠠᠭᠠᠠᠴᠢ᠂ ᠪᠦᠲᠤᠬᠡᠯᠴᠢ ᠴᠢᠨᠠᠷ ᠲᠠᠢ ᠬᠡᠷ ᠪᠦᠯᠢ ᠶᠢᠨ ᠰᠢᠯᠢᠳᠡᠭ ᠰᠤᠷᠭᠠᠨ ᠬᠦᠮᠤᠵᠢᠬᠦᠯᠬᠦ ᠠᠷᠭ᠎ᠠ ᠪᠠᠷᠢᠯ ᠪᠤᠯᠬᠤ ᠶᠤᠮ᠃

ᠢᠷᠡᠯᠲᠡ᠄      ᠨᠠᠶᠢᠷᠠᠭᠤᠯᠤᠭᠴᠢ᠄