home
home

    ᠵᠠᠩ ᠲᠠᠳᠬᠠᠯ ᠤᠨ ᠬᠦᠮᠤᠵᠢᠯ

2017-09-19  22:26

ᠬᠡᠤᠬᠡᠳ ᠤᠨ ᠵᠠᠩ ᠲᠠᠳᠬᠠᠯ ᠪᠤᠯ ᠪᠤᠰᠤᠳᠴᠢ ᠦᠢᠯᠠ ᠶᠠᠪᠤᠳᠠᠯ ᠳᠤ ᠨᠦᠯᠤᠬᠡᠯᠡᠭᠳᠠᠨ ᠲᠦᠷᠤᠯᠬᠢ ᠶᠢᠨ ᠴᠢᠨᠠᠷ ᠲᠤ ᠬᠤᠪᠢᠷᠠᠯᠲᠠ ᠭᠠᠷᠳᠠᠭ᠃ ᠡᠨᠠ ᠨᠢ ᠬᠡᠷ ᠪᠦᠯᠢ  ᠶᠢᠨ ᠬᠦᠮᠤᠵᠢᠯ  ᠲᠠᠢ ᠨᠢᠭᠲᠠ ᠬᠠᠷᠢᠴᠠᠭ᠎ᠠ ᠬᠤᠯᠪᠤᠭ᠎ᠠ ᠲᠠᠢ ᠪᠠᠢᠳᠠᠭ᠃ ᠬᠦᠮᠤᠨ ᠲᠦᠷᠤᠯᠬᠢ ᠶᠢᠨ ᠠᠪᠢᠶᠠᠰᠯᠢᠭ᠂ ᠪᠢᠯᠢᠭ ᠤᠬᠠᠭᠠᠨ ᠲᠠᠢ ᠤᠴᠢᠷ ᠠᠩᠬᠠᠨ ᠤ ᠬᠦᠮᠤᠵᠢᠯ ᠪᠤᠯ ᠲᠠᠬᠦᠨ ᠳᠤ ᠦᠭᠬᠦ ᠨᠦᠯᠤᠬᠡ ᠬᠠᠮᠤᠭ ‍ᠤᠨ‌ᠤᠨᠴᠠᠭᠠᠢ ᠪᠠᠢᠳᠠᠭ᠃ ᠡᠨᠠ ᠨᠢ ᠭᠤᠤᠯ ᠤᠷᠴᠢᠨ ᠲᠤᠭᠤᠷᠢᠨ ᠪᠤᠶᠤ ᠠᠪᠤ ᠡᠵᠢ ᠶᠢᠨ ᠵᠢᠭᠠᠵᠤ ᠰᠤᠷᠭᠠᠬᠤ ᠪᠠᠷ ᠲᠠᠮᠵᠢᠨ ᠪᠡᠶᠡᠯᠡᠭᠳᠡᠳᠡᠭ᠃ ᠵᠢᠱᠢᠶᠠᠯᠡᠪᠠᠯ᠄ ᠬᠦᠳᠡᠭᠡ ᠨᠤᠲᠤᠭ ᠤᠨ ᠮᠠᠯᠵᠢᠬᠤ ᠤᠷᠤᠨ ᠳᠤ ᠲᠦᠷᠤᠵᠤ ᠦᠰᠤᠭᠰᠠᠨ ᠬᠡᠤᠬᠡᠳ ᠭᠤᠷᠪᠠᠨ ᠨᠠᠰᠤ ᠠᠴᠠ ᠪᠠᠨ ᠮᠤᠷᠢᠨ ᠤ ᠨᠢᠷᠤᠭᠤᠨ ᠳᠤ ᠲᠦᠬᠦᠷᠤᠭ᠍ᠳᠠᠨ ᠦᠰᠴᠤ᠂ ᠲᠠᠪᠤ ᠬᠦᠷᠤᠮᠡᠭᠴᠠ ᠦᠪᠠᠷ ᠲᠡᠭᠡᠨ ᠮᠤᠷᠢ ᠤᠨᠤᠵᠤ ᠴᠢᠳᠠᠳᠠᠭ᠃ ᠬᠡᠲᠡᠯ᠎ᠡ ᠬᠤᠲᠠ ᠶᠢᠨ ᠬᠡᠤᠬᠡᠳ ᠴᠢᠳᠠᠬᠤ ᠦᠬᠡᠢ᠃ ᠡᠨᠠ ᠪᠤᠯ ᠲᠠᠷᠤᠢ ᠤᠷᠴᠢᠨ ᠲᠤᠭᠤᠷᠢᠨ᠂ ᠠᠪᠤ ᠡᠵᠢ ᠶᠢᠨ ᠠᠮᠢᠳᠤᠷᠠᠯ ᠤᠨ ᠵᠠᠩ ᠲᠠᠳᠬᠠᠯ ᠤᠨ ᠨᠦᠯᠤᠬᠡ ᠪᠤᠯᠬᠤ ᠶᠤᠮ᠃

6

ᠮᠤᠩᠭᠤᠯ ᠠᠷᠠᠳ ᠤᠨ ᠰᠡᠴᠡᠨ ᠦᠬᠡ ᠳᠤ᠄《ᠦ ᠶᠢᠨ ᠬᠠᠵᠠᠭᠤᠳᠤ ᠪᠠᠶᠢᠪᠠᠯ ᠦ᠂ ᠬᠦ᠋ ᠶᠢᠨ ᠬᠠᠵᠠᠭᠤᠳᠤ ᠪᠠᠢᠪᠠᠯ ᠬᠦ᠋》ᠬᠡᠳᠡᠭ᠃ ᠡᠨᠠ ᠨᠢ ᠲᠠᠷᠤᠢ ᠬᠡᠤᠬᠡᠳ ᠶᠠᠮᠠᠷ ᠤᠷᠴᠢᠨ ᠲᠤᠭᠤᠷᠢᠨ ᠪᠤᠶᠤ ᠶᠠᠮᠠᠷ ᠬᠦᠮᠤᠵᠢᠯ ᠬᠦᠷᠲᠡᠪᠠᠯ ᠦᠰᠬᠦ ᠦᠶ᠎ᠠ ᠳᠡᠭᠡᠨ ᠲᠡᠶᠢᠮᠤ ᠵᠠᠩ ᠲᠠᠳᠬᠠᠯ ᠲᠠᠢ ᠪᠤᠯᠵᠤ ᠬᠦᠮᠤᠵᠢᠬᠦᠯᠤᠭ᠍ᠳᠠᠨ᠎ᠠ ᠬᠡᠰᠠᠨ ᠦᠬᠡ᠂ ᠦᠬᠡᠷ᠎ᠡ ᠪᠠᠷ ᠬᠡᠯᠡᠪᠠᠯ ᠬᠡᠤᠬᠡᠳ  ᠤᠨ ᠲᠦᠷᠤᠯᠬᠢ ᠵᠠᠩ ᠴᠢᠨᠠᠷ ᠪᠤᠰᠤᠳᠴᠢ ᠬᠡᠷᠡᠭ ᠶᠠᠪᠤᠳᠠᠯ ᠳᠤ ᠨᠦᠯᠤᠬᠡᠯᠡᠭᠳᠠᠨ ᠬᠤᠪᠢᠷᠠᠯᠲᠠ ᠡᠬᠦᠰᠳᠡᠭ ᠤᠴᠢᠷᠲᠠᠢ᠃

ᠬᠡᠤᠬᠡᠳ ᠢ ᠪᠤᠯᠪᠠᠰᠤᠨ ᠶᠤᠰᠤᠷᠬᠠᠭ᠂ ᠲᠠᠷᠤᠢ ᠬᠢᠴᠢᠶᠠᠩᠬᠦᠢ᠂ ᠠᠭᠤᠵᠢᠮ ᠰᠡᠳᠬᠢᠯᠬᠡ ᠲᠠᠢ᠂ ᠴᠠᠭᠠᠪᠤᠷᠢ ᠰᠠᠨᠠᠭ᠎ᠠ ᠲᠠᠢ ᠪᠤᠯᠭᠠᠨ ᠬᠦᠮᠤᠵᠢᠬᠦᠯᠬᠦ ᠳᠤ ᠬᠡᠷ ᠪᠦᠯᠢ ᠶᠢᠨ ᠬᠦᠮᠤᠵᠢᠯ ᠪᠤᠯ ᠬᠠᠮᠤᠭ ‍ᠤᠨ‌‍ᠴᠢᠬᠤᠯᠠ ᠦᠢᠯᠡᠳᠤᠯ ᠦᠵᠡᠬᠦᠯᠳᠡᠭ ᠪᠠᠶᠢᠨ᠎ᠠ᠃ ᠮᠠᠨ ᠤ ᠤᠯᠤᠰ ᠤᠨ ᠤᠳᠤ ᠦᠶ᠎ᠠ ᠶᠢᠨ ᠠᠯᠳᠠᠷᠲᠤ ᠵᠤᠬᠢᠶᠠᠯᠴᠢ᠂ ᠨᠤᠪᠧᠯ ᠤᠨ ᠱᠠᠩᠨᠠᠯ ᠭᠦᠷᠳᠡᠭᠴᠢ ᠮᠦᠸᠧ ᠶᠠᠨ᠄《ᠤᠯᠠᠩᠬᠢ ᠡᠬᠡ ᠡᠴᠢᠬᠡ ᠬᠡᠤᠬᠡᠳ ᠤᠨ ᠢᠶᠠᠨ ᠮᠠᠭᠤ ᠮᠠᠭᠤᠬᠠᠢ ᠵᠠᠩ ᠲᠠᠳᠬᠠᠯ ᠢ ᠬᠤᠪᠢᠷᠠᠭᠤᠯᠬᠤ ᠶᠢ ᠰᠤᠷᠭᠠᠭᠤᠯᠢ ᠳᠤ ᠨᠠᠶᠢᠳᠠᠵᠤ᠂ ᠪᠠᠭᠰᠢ ᠳᠤ ᠲᠥᠰᠢᠭᠯᠡᠵᠤ᠂ ᠬᠡᠤᠬᠡᠳ  ᠢ ᠪᠤᠷᠤᠭᠤᠰᠢᠶᠠᠵᠤ᠂ ᠦᠪᠠᠷ ᠪᠠᠶ᠎ᠠ  ᠠᠴᠠ  ᠪᠠᠨ ᠠᠰᠠᠭᠤᠳᠠᠯ ᠡᠷᠢᠳᠡᠭ ᠦᠬᠡᠢ᠃ ᠦᠨᠠᠠ ᠳᠡᠭᠡᠨ ᠬᠡᠤᠬᠡᠳ ᠤᠨ ᠪᠠᠶ᠎ᠠ ᠲᠡᠬᠡᠷᠡᠬᠢ ᠤᠯᠠᠩᠬᠢ ᠵᠠᠩ ᠲᠠᠳᠬᠠᠯ — ᠰᠠᠶᠢᠨ᠂ ᠮᠠᠭᠤ ᠲᠠᠳᠬᠠᠯ ᠬᠡᠰᠠᠨ ᠦᠬᠡᠢ ᠪᠦᠷ ᠡᠴᠢᠬᠡ ᠡᠬᠡ ᠨᠢ ᠦᠯᠤ ᠮᠡᠳᠡᠭ ᠪᠠᠶᠢᠳᠠᠯ ᠳᠤ ᠬᠦᠮᠤᠵᠢᠬᠦᠯᠤᠭ᠍ᠰᠠᠨ ᠶᠤᠮ》ᠬᠡᠵᠤ ᠵᠤᠬᠢᠶᠠᠯ ᠳᠠᠭᠠᠨ ᠪᠢᠴᠢᠵᠠᠢ᠃ ᠲᠡᠬᠦᠨ ᠤ ᠦᠵᠡᠬᠦ ᠪᠠᠷ ᠬᠡᠷ ᠪᠦᠯᠢ ᠶᠢᠨ ᠬᠦᠮᠤᠵᠢᠯ ᠪᠤᠯ ᠬᠡᠤᠬᠡᠳ ᠢ ᠰᠠᠶᠢᠨ ᠰᠠᠶᠢᠬᠠᠨ ᠵᠠᠩ ᠲᠠᠳᠬᠠᠯ ᠲᠠᠢ ᠪᠤᠯᠭᠠᠬᠤ ᠰᠠᠭᠤᠷᠢ ᠬᠦᠮᠤᠵᠢᠯ ᠮᠦᠨ᠃ ᠮᠠᠨ ᠤ ᠡᠪᠦᠭᠡ ᠲᠡᠬᠡᠳᠤᠰ ᠠᠯᠢ ᠡᠷᠲᠠ ᠦᠶ᠎ᠠ ᠠᠴᠠ ᠠᠪᠤᠭᠠᠳ᠄《ᠪᠠᠭ᠎ᠠ ᠨᠠᠰᠤᠨ ᠳᠠᠭᠠᠨ ᠰᠤᠷᠬᠤ ᠦᠬᠡᠢ ᠪᠤᠯ ᠨᠢᠬᠡ ᠨᠠᠰᠤᠨ ᠤ ᠬᠠᠷᠠᠮᠰᠠᠯ ᠪᠤᠯᠤᠨ᠎ᠠ 》ᠬᠡᠵᠤ ᠬᠡᠤᠬᠡᠳ ᠢᠶᠠᠨ ᠪᠠᠭ᠎ᠠ ᠠᠴᠠ ᠨᠢ ᠦᠨᠠᠠᠴᠢ ᠰᠢᠳᠤᠷᠭᠤ᠂ ᠠᠭᠤᠴᠢ ᠰᠠᠨᠠᠭ᠎ᠠ ᠰᠡᠳᠬᠢᠯ ᠲᠠᠢ ᠬᠦᠮᠤᠨ ᠪᠤᠯᠭᠠᠨ ᠬᠦᠮᠤᠵᠢᠬᠦᠯᠬᠦ ᠶᠢ ᠴᠢᠬᠤᠯᠠᠴᠢᠯᠠᠳᠠᠭ ᠪᠠᠶᠢᠭᠰᠠᠨ ᠶᠤᠮ᠃

7

ᠰᠠᠢᠨ ᠰᠠᠢᠬᠠᠨ ᠵᠠᠩ ᠲᠠᠳᠬᠠᠯ ᠪᠤᠯ ᠬᠡᠤᠬᠡᠳ ᠤᠨ ᠢᠷᠡᠬᠡᠳᠤᠢ ᠳᠤ ᠨᠢᠬᠡ ᠰᠤᠶᠤᠯ ᠪᠤᠯᠪᠠᠰᠤᠷᠠᠯ ᠲᠠᠢ᠂ ᠶᠤᠰᠤ ᠮᠤᠷᠠᠯ ᠲᠠᠢ᠂ ᠡᠷᠳᠡᠮ ᠴᠢᠳᠠᠪᠤᠷᠢ ᠲᠠᠢ᠂ ᠠᠯᠤᠰ ᠤᠨ ᠬᠠᠷᠠᠯᠲᠠ ᠲᠠᠢ ᠬᠦᠮᠤᠨ‌‍ᠪᠤᠯᠵᠤ ᠦᠰᠤᠨ ᠪᠦᠢᠵᠢᠬᠤ ᠶᠢᠨ ᠵᠠᠩᠬᠢᠯᠠᠭ᠎ᠠ ᠪᠤᠯᠬᠤ ᠶᠤᠮ᠃ ᠮᠦᠨ ᠴᠤ ᠬᠡᠷ ᠪᠦᠯᠢ ᠶᠢᠨ ᠰᠤᠷᠭᠠᠨ ᠬᠦᠮᠤᠵᠢᠯ  ᠤᠨ ᠭᠤᠤᠯᠳᠠᠯᠭ᠎ᠠ ᠪᠤᠯᠬᠤ ᠶᠤᠰᠤᠲᠠᠢ᠃ ᠬᠡᠤᠬᠡᠳ ᠨᠠᠰᠤ ᠪᠤᠯ ᠰᠤᠷᠬᠤ ᠨᠠᠰᠤ᠂ ᠲᠠᠭᠤᠷᠢᠶᠠᠮᠲᠤᠭᠠᠢ ᠨᠠᠰᠤ᠂ ᠰᠡᠴᠡᠨ ᠰᠡᠷᠬᠦᠯᠡᠩ ᠨᠠᠰᠤ ᠮᠥᠠ᠃ ᠡᠨᠠ ᠨᠢᠬᠡ ᠴᠠᠭ ᠦᠶ᠎ᠠ ᠳᠤ ᠠᠪᠤ ᠡᠵᠢ ᠪᠤᠯᠤᠭᠰᠠᠳ ᠬᠡᠤᠬᠡᠳ ᠢᠶᠠᠨ ᠰᠠᠢᠨ ᠰᠠᠢᠬᠠᠨ ᠪᠤᠯᠪᠠᠰᠤᠨ ᠶᠤᠰᠤᠷᠬᠠᠭ ᠵᠠᠩ ᠲᠠᠳᠬᠠᠯ ᠲᠠᠢ ᠪᠣᠯᠭᠠᠨ ᠬᠦᠮᠤᠵᠢᠬᠦᠯᠤᠨ ᠰᠤᠷᠭᠠᠬᠤ ᠶᠤᠮ ᠪᠤᠯ ᠦᠪᠠᠷ ᠤᠨ ᠰᠤᠷᠭᠠᠨ ᠬᠦᠮᠤᠵᠢᠬᠦᠯᠬᠦ ᠵᠤᠷᠢᠯᠭ᠎ᠠ ᠳᠠᠭᠠᠨ ᠯᠠᠪ ᠬᠦᠷᠴᠤ ᠴᠢᠳᠠᠨ᠎ᠠ᠃

ᠢᠷᠡᠯᠲᠡ᠄      ᠨᠠᠶᠢᠷᠠᠭᠤᠯᠤᠭᠴᠢ᠄