home
home

    ᠲᠤᠷ᠎ᠠ ᠰᠤᠨᠢᠷᠬᠠᠯ ᠤᠨ ᠬᠦᠮᠤᠵᠢᠯ

2017-09-19  22:37

ᠤᠯᠠᠩᠬᠢ ᠬᠡᠷ ᠤᠨ ᠠᠬᠠᠮᠠᠳ ᠬᠡᠤᠬᠡᠳ ᠤᠨ ᠲᠤᠷ᠎ᠠ ᠰᠤᠨᠢᠷᠬᠠᠯ ᠤᠨ ᠬᠦᠮᠤᠵᠢᠯ ᠢ ᠴᠢᠬᠤᠯᠠᠴᠢᠯᠠᠬᠤ ᠦᠬᠡᠢ ᠪᠠᠶᠢᠳᠠᠭ᠃ ᠬᠡᠤᠬᠡᠳ ᠤᠨ ᠲᠤᠷ᠎ᠠ ᠰᠤᠨᠢᠷᠬᠠᠯ ᠪᠤᠯ ᠲᠦᠷᠤᠯᠬᠢ ᠶᠢᠨ ᠠᠪᠢᠶᠠᠰ ᠪᠤᠯᠪᠠᠴᠤ᠂ ᠲᠠᠬᠦᠨ ᠢ ᠪᠠᠳᠠᠷᠠᠭᠤᠯᠬᠤ᠂ ᠬᠦᠲᠤᠯᠬᠦ᠂ ᠲᠡᠮᠵᠢᠬᠦ᠂ ᠲᠠᠰᠬᠠᠬᠤ ᠦᠬᠡᠢ ᠪᠤᠯ ᠲᠦᠷᠤᠯᠬᠢ ᠠᠪᠢᠶᠠᠰ ᠨᠢ ᠠᠶᠠᠠᠳᠠᠭᠠᠨ ᠬᠠᠶᠠᠭᠳᠠᠬᠤ ᠦᠵᠡᠭᠳᠡᠯ ᠢ ᠦᠬᠡᠷᠡᠴᠢᠯᠡᠵᠤ ᠪᠤᠯᠬᠤ ᠶᠤᠮ᠃ ᠲᠡᠶᠢᠮᠤ ᠠᠴᠠ ᠲᠤᠷ᠎ᠠ ᠰᠤᠨᠢᠷᠬᠠᠯ ᠤᠨ ᠰᠤᠷᠭᠠᠨ ᠬᠦᠮᠤᠵᠢᠯ ᠨᠢ ᠬᠡᠤᠬᠡᠳ ᠤᠨ ᠰᠤᠷᠬᠤ ᠴᠢᠳᠠᠪᠤᠷᠢ ᠶᠢ ᠲᠡᠬᠡᠭᠰᠢᠯᠡᠭᠦᠯᠭᠦ ᠳᠤ ᠰᠠᠭᠤᠷᠢ ᠪᠤᠯᠵᠤ ᠪᠠᠶᠢᠳᠠᠭ᠃

ᠬᠡᠷᠪᠡ ᠨᠢᠬᠡ ᠬᠡᠷ ᠪᠦᠯᠢ ᠶᠢᠨ ᠠᠪᠤ ᠡᠵᠢ ᠬᠡᠷ ᠲᠡᠭᠡᠨ ᠨᠤᠮ ᠰᠤᠳᠤᠷ ᠬᠠᠳᠠᠭᠠᠯᠠᠬᠤ ᠪᠠ ᠦᠷᠬᠦᠯᠵᠢ ᠨᠤᠮ ᠤᠩᠰᠢᠬᠤ ᠵᠠᠩᠰᠢᠯ ᠲᠠᠢ ᠪᠤᠯ ᠲᠡᠷᠠ ᠬᠡᠷ ᠪᠦᠯᠢ  ᠶᠢᠨ ᠬᠡᠤᠬᠡᠳ  ᠨᠢ ᠨᠤᠮ‌ᠤᠩᠰᠢᠬᠤ ᠲᠤᠷ᠎ᠠ ᠰᠤᠨᠢᠷᠬᠠᠯ ᠲᠠᠢ ᠪᠤᠯᠳᠠᠭ᠃ ᠬᠠᠷᠢᠨ ᠡᠬᠦᠨ ᠤ ᠡᠰᠡᠷᠬᠦ ᠪᠠᠷ ᠨᠤᠮ ᠬᠠᠳᠠᠭᠠᠯᠠᠵᠤ ᠤᠩᠰᠢᠬᠤ ᠦᠬᠡᠢ ᠬᠡᠷ ᠪᠦᠯᠢ ᠶᠢᠨ ᠬᠡᠤᠬᠡᠳ ᠨᠢ ᠨᠤᠮ ᠤᠩᠰᠢᠬᠤ ᠲᠤᠷ᠎ᠠ ᠰᠤᠨᠢᠷᠬᠠᠯ  ᠢᠶᠠᠷ ᠲᠤᠲᠠᠮᠠᠭ ᠪᠠᠶᠢᠳᠠᠭ ᠬᠡᠵᠤ ᠨᠢᠬᠡ ᠰᠤᠷᠭᠠᠨ ᠬᠦᠮᠤᠵᠢᠯ ᠤᠨ ᠣᠬᠠᠭᠠᠠᠳᠠᠨ ᠬᠡᠯᠡᠭᠰᠠᠨ ᠪᠠᠶᠢᠳᠠᠭ᠃ ᠡᠨᠠ ᠪᠤᠯ ᠲᠠᠷᠤᠢ ᠬᠡᠤᠬᠡᠳ ᠤᠨ ᠲᠤᠷ᠎ᠠ ᠰᠤᠨᠢᠷᠬᠠᠯ  ᠢ ᠪᠠᠳᠠᠷᠠᠭᠤᠯᠬᠤ  ᠳᠤ ᠡᠷᠬᠡᠪᠰᠢ ᠤᠷᠴᠢᠨ ᠲᠤᠭᠤᠷᠢᠨ᠂ ᠬᠡᠪ ᠵᠠᠩᠰᠢᠯ ᠤᠨ ᠨᠦᠯᠤᠬᠡ ᠰᠢᠭᠤᠳ ᠬᠦᠷᠲᠡᠬᠦ ᠶᠢ ᠬᠡᠯᠠᠵᠤ ᠪᠠᠶᠢᠨ᠎ᠠ᠃ ᠪᠠᠰᠠ ᠵᠢᠱᠢᠶᠠᠯᠠᠪᠠᠯ᠄ ᠠᠪᠤ ᠡᠵᠢ  ᠨᠢ ᠬᠦᠭᠵᠢᠮᠴᠢᠨ᠂ ᠲᠠᠭᠤᠴᠢᠨ᠂ ᠪᠦᠵᠢᠭᠴᠢᠨ ᠪᠤᠯ ᠬᠡᠤᠬᠡᠳ  ᠨᠢ ᠴᠦ ᠠᠶᠠᠨᠳᠠᠭᠠᠨ ᠲᠡᠳᠡᠬᠡᠷ ᠮᠡᠷᠬᠡᠵᠢᠯ ᠳᠤ ᠠᠪᠢᠶᠠᠰᠲᠠᠢ ᠪᠤᠯᠵᠤ ᠮᠠᠭᠠᠳ᠃ ᠬᠡᠲᠡᠯ᠎ᠡ ᠲᠠᠬᠦᠨ ᠢ ᠬᠦᠲᠤᠯᠬᠦ ᠦᠬᠡᠢ᠂ ᠲᠠᠰᠬᠠᠬᠤ ᠦᠬᠡᠢ᠂ᠵᠢᠭᠠᠨ ᠰᠤᠷᠭᠠᠬᠤ ᠦᠬᠡᠢ ᠪᠤᠯ ᠲᠡᠷᠠ ᠬᠡᠤᠬᠡᠳ ᠶᠠᠷᠤ ᠡᠨᠡᠬᠦ ᠮᠡᠷᠬᠡᠵᠢᠯ ᠢ ᠰᠤᠷᠴᠤ ᠴᠢᠳᠠᠬᠤ ᠦᠬᠡᠢ ᠶᠤᠮ᠃ ᠭᠤᠤᠯᠳᠠᠯᠭ᠎ᠠ ᠪᠤᠯ ᠠᠪᠤ ᠡᠵᠢ ᠪᠤᠯᠤᠭᠰᠠᠳ ᠬᠡᠤᠬᠡᠳ ᠤᠨ ᠲᠤᠷ᠎ᠠ ᠰᠤᠨᠢᠷᠬᠠᠯ ᠢ ᠤᠶᠢᠯᠠᠭᠠᠵᠤ᠂ ᠲᠠᠬᠦᠨ  ᠳᠤ ᠡᠨᠠᠬᠦ ᠤᠷᠴᠢᠨ ᠲᠤᠭᠤᠷᠢᠨ  ᠶᠢ ᠪᠤᠢ ᠪᠤᠯᠭᠠᠵᠤ ᠦᠭᠬᠦ ᠪᠤᠯ ᠵᠠᠩᠬᠢᠯᠠᠭ᠎ᠠ ᠶᠢᠨ ᠠᠰᠠᠭᠤᠳᠠᠯ ᠪᠤᠯᠬᠤ ᠶᠤᠮ᠃

ᠬᠡᠤᠬᠡᠳ ᠤᠨ ᠲᠤᠷ᠎ᠠ ᠰᠤᠨᠢᠷᠬᠠᠯ ᠲᠦᠷᠤᠯᠬᠢ ᠶᠢᠨ ᠪᠠᠶᠢᠵᠤ ᠪᠤᠯᠬᠤ ᠪᠠ ᠵᠢᠭᠠᠵᠤ ᠰᠤᠷᠭᠠᠬᠤ ᠬᠤᠶᠠᠷ ᠵᠦᠢᠯ ᠢᠶᠠᠷ ᠬᠦᠭᠵᠢᠳᠡᠭ᠃ ᠵᠠᠷᠢᠮ ᠬᠡᠤᠬᠡᠳ ᠲᠦᠷᠤᠯᠬᠢ ᠶᠢᠨ ᠠᠪᠢᠶᠠᠰ ᠲᠠᠢ ᠪᠤᠯᠪᠠᠴᠤ ᠲᠠᠬᠦᠨ ᠤ ᠠᠪᠢᠶᠠᠰ ᠴᠢᠳᠠᠪᠤᠷᠢ ᠶᠢ ᠪᠠᠳᠠᠷᠠᠭᠤᠯᠬᠤ ᠤᠷᠤᠨ ᠵᠠᠢ᠂ ᠤᠷᠴᠢᠨ ᠲᠤᠭᠤᠷᠢᠨ᠂ ᠲᠦᠯᠬᠢᠴᠠ ᠬᠦᠴᠤ ᠪᠠᠶᠢᠬᠤ ᠦᠬᠡᠢ ᠪᠤᠯ ᠡᠨᠠ ᠲᠠᠯ᠎ᠠ ᠪᠠᠷ ᠠᠮᠵᠢᠯᠲᠠ ᠤᠯᠬᠤ ᠨᠢ ᠬᠦᠴᠢᠷᠲᠠᠢ ᠪᠠᠶᠢᠳᠠᠭ᠃ ᠬᠡᠤᠬᠡᠳ ᠤᠨ ᠠᠪᠢᠶᠠᠰ ᠪᠢᠯᠢᠭ ᠢ ᠬᠦᠭᠵᠢᠬᠦᠯᠬᠦ ᠪᠠ ᠲᠤᠷ᠎ᠠ ᠰᠤᠨᠢᠷᠬᠠᠯ ᠲᠠᠢ ᠪᠤᠯᠭᠠᠬᠤ ᠨᠢ ᠬᠡᠷ ᠪᠦᠯᠢ ᠶᠢᠨ ᠬᠦᠮᠤᠵᠢᠯ ᠠᠴᠠ ᠰᠠᠯᠵᠤ ᠴᠢᠳᠠᠬᠤ ᠦᠬᠡᠢ ᠶᠤᠮ᠃

8

ᠦᠨᠠᠠ ᠳᠡᠭᠡᠨ ᠲᠤᠷ᠎ᠠ ᠰᠤᠨᠢᠷᠬᠠᠯ ᠨᠢ ᠬᠡᠤᠬᠡᠳ ᠤᠨ ᠦᠰᠤᠨ ᠪᠦᠢᠵᠢᠯᠲᠠ ᠶᠢᠨ ᠶᠠᠪᠤᠴᠠ ᠲᠤᠮᠳᠠ ᠬᠠᠮᠤᠭ ᠤᠨ ᠴᠢᠬᠤᠯᠠ ᠪᠠᠢᠳᠠᠭ᠃ ᠬᠡᠷᠪᠠ ᠨᠢᠬᠡ ᠲᠠᠮᠢᠷᠴᠢᠨ ᠪᠤᠯᠳᠠᠭ ᠬᠡᠤᠬᠡᠳ  ᠢ ᠠᠯᠢ ᠡᠷᠲᠠ ᠠᠴᠠ ᠪᠠᠶ᠎ᠠ ᠶᠢᠨ ᠲᠤᠰᠬᠠᠢ ᠮᠡᠷᠬᠡᠵᠢᠯ ᠤᠨ ᠪᠤᠯᠪᠠᠰᠤᠷᠠᠯ ᠬᠢᠯᠬᠡᠵᠤ ᠵᠢᠭᠠᠬᠤ ᠦᠬᠡᠢ ᠪᠤᠯ ᠲᠡᠷᠠ ᠦᠪᠠᠷ ᠤᠨ ᠠᠪᠢᠶᠠᠰ ᠴᠢᠳᠠᠪᠤᠷᠢ  ᠪᠠᠨ ᠭᠠᠷᠭᠠᠵᠤ ᠴᠢᠳᠠᠬᠤ ᠦᠬᠡᠢ᠃ ᠲᠠᠬᠦᠨ  ᠤ ᠲᠤᠷ᠎ᠠ ᠰᠤᠨᠢᠷᠬᠠᠯ ᠢ ᠬᠦᠭᠵᠢᠬᠦᠯᠬᠦ ᠳᠤ ᠠᠪᠤ ᠡᠵᠢ ᠪᠤᠯ ᠴᠢᠬᠤᠯᠠ ᠦᠢᠯᠡᠳᠤᠯ ᠦᠵᠡᠬᠦᠯᠳᠡᠭ᠃ ᠠᠪᠤ ᠡᠵᠢ ᠪᠤᠯᠤᠭᠰᠠᠳ ᠲᠠᠬᠦᠨ ᠳᠤ ᠡᠨᠠ ᠲᠠᠯ᠎ᠠ ᠪᠠᠷ ᠬᠦᠭᠵᠢᠬᠦ ᠤᠷᠴᠢᠨ ᠲᠤᠭᠤᠷᠢᠨ᠂ ᠴᠠᠭ ᠵᠠᠪ ᠭᠠᠷᠭᠠᠵᠤ ᠦᠭᠬᠦ ᠪᠠ ᠲᠠᠬᠦᠨ ᠢ ᠵᠤᠷᠢᠬᠵᠢᠭᠤᠯᠬᠤ᠂ ᠲᠡᠮᠵᠢᠬᠦ ᠬᠡᠷᠡᠭᠲᠠᠢ᠃ ᠲᠡᠬᠡᠪᠠᠯ ᠬᠡᠤᠬᠡᠳ ᠰᠠᠶ᠋ᠢ ᠠᠮᠵᠢᠯᠲᠠ ᠳᠤ ᠬᠦᠷᠴᠤ ᠴᠢᠳᠠᠳᠠᠭ᠃

ᠬᠡᠤᠬᠡᠳ ᠤᠨ ᠶᠠᠮᠠᠷ ᠨᠢᠬᠡ ᠵᠦᠢᠯ ᠤᠨ ᠮᠡᠷᠬᠡᠵᠢᠯ ᠳᠤ ᠲᠤᠷ᠎ᠠ ᠰᠤᠨᠢᠷᠬᠠᠯ ᠲᠠᠢ ᠪᠤᠯᠭᠠᠬᠤ ᠬᠠᠮᠤᠭ ᠤᠨ ᠰᠠᠶᠢᠨ ᠠᠷᠭ᠎ᠠ ᠨᠢ ᠡᠴᠢᠬᠡ ᠡᠬᠡ ᠪᠤᠯᠤᠭᠰᠠᠳ ᠦᠪᠠᠷ ᠤᠨ ᠪᠠᠶ᠎ᠠ ᠪᠠᠷ  ᠢᠶᠠᠨ ᠬᠡᠪ ᠲᠠᠭᠤᠷᠢᠶᠠᠯ ᠦᠵᠡᠬᠦᠯᠬᠦ ᠳᠤ ᠪᠠᠶᠢᠳᠠᠭ᠃ ᠨᠢᠬᠡ ᠪᠠᠭ᠎ᠠ ᠰᠤᠷᠭᠠᠭᠤᠯᠢ  ᠶᠢᠨ ᠰᠤᠷᠤᠭᠴᠢ ᠳᠤ ᠬᠡᠯᠠ ᠪᠢᠴᠢᠭ ᠤᠨ ᠪᠠᠭᠰᠢ ᠨᠢ《ᠡᠵᠢ ᠪᠠᠨ ᠬᠠᠪᠰᠤᠷᠣᠨ ᠬᠡᠷ ᠤᠨ ᠠᠵᠢᠯ ᠬᠢᠭᠰᠡᠨ ᠨᠢ 》ᠬᠡᠳᠡᠭ ᠭᠠᠷᠴᠠᠭ ᠲᠠᠢ ᠵᠤᠬᠢᠶᠠᠯ ᠪᠢᠴᠢᠬᠦᠯᠵᠠᠢ᠃ ᠨᠢᠬᠡ ᠰᠤᠷᠤᠭᠴᠢ ᠵᠤᠬᠢᠶᠠᠯ ᠢᠶᠠᠨ ᠪᠠᠭᠰᠢ ᠳᠠᠭᠠᠨ ᠲᠤᠰᠢᠶᠠᠬᠤ ᠳᠤ ᠪᠠᠭᠰᠢ ᠨᠢ ᠦᠵᠡᠭᠡᠳ᠄《ᠴᠢᠨᠦ ᠵᠤᠬᠢᠶᠠᠯ ᠤᠨ ᠦᠢᠯᠠ ᠶᠠᠪᠤᠳᠠᠯ ᠨᠠᠷᠢᠨ ᠪᠢᠰᠢ᠂ ᠬᠠᠶᠢᠷ᠎ᠠ ᠰᠡᠳᠬᠢᠯᠬᠡ ᠢᠯᠡᠳᠬᠡᠬᠦ ᠪᠠᠷ ᠲᠤᠲᠠᠮᠠᠭ 》ᠬᠡᠵᠤ ᠰᠢᠬᠦᠮᠵᠢᠯᠡᠭᠰᠠᠨ ᠳᠤ ᠲᠡᠷᠠ ᠰᠤᠷᠤᠭᠴᠢ ᠡᠨᠡ ᠬᠡᠷᠡᠭ ᠢ ᠬᠡᠷ ᠲᠡᠭᠡᠨ ᠬᠠᠷᠢᠵᠤ ᠡᠵᠢ ᠳᠡᠭᠡᠨ ᠬᠡᠯᠡᠬᠦ ᠳᠤ ᠡᠵᠢ ᠨᠢ᠄ 《 ᠡᠵᠢ ᠶᠢᠨ ᠮᠢᠨᠢ ᠬᠡᠷ ᠪᠦᠯᠢ ᠵᠢᠨ‌ᠠᠵᠢᠯ ᠦᠨᠠᠬᠡᠷ ᠬᠦᠴᠢᠷ ᠲᠠᠢ ᠪᠦᠬᠡᠳ ᠶᠠᠳᠠᠷᠠᠯᠲᠠᠢ᠂ ᠡᠵᠢ ᠮᠢᠨᠢ ᠠᠭᠤᠤ ᠶᠡᠭᠡ᠂ ᠲᠡᠷᠡ ᠪᠤᠯ ᠮᠢᠨᠤ ᠲᠠᠭᠠᠵᠤ ᠰᠤᠷᠤᠯᠴᠠᠬᠤ ᠲᠠᠭᠤᠷᠢᠶᠠᠯ ᠬᠡᠵᠤ ᠪᠢᠴᠢᠪᠠᠯ ᠪᠤᠯᠤᠨ᠎ᠠ 》ᠬᠡᠰᠠᠨ  ᠳᠤ ᠲᠡᠷᠠ ᠬᠡᠤᠬᠡᠳ᠄《ᠡᠵᠢ ᠠᠵᠢᠯ ᠠᠴᠠ ᠪᠠᠨ ᠪᠠᠭᠤᠭᠰᠠᠨ ᠤ ᠲᠠᠷᠠᠭ᠎ᠠ ᠠᠪᠠᠭ᠎ᠠ ᠡᠬᠡᠴᠢ ᠶᠢᠨ ᠪᠠᠯᠠᠨ ᠪᠤᠳᠠᠭ᠎ᠠ ᠶᠢ ᠢᠳᠡᠵᠤ᠂ ᠲᠧᠯᠧᠢᠰ ᠦᠵᠡᠵᠤ᠂ ᠤᠷᠤᠢ ᠪᠤᠯᠪᠠᠯ ᠤᠠᠲᠠᠨ᠎ᠠ᠃ ᠬᠡᠷ ᠤᠨ ᠠᠵᠢᠯ  ᠢ ᠶᠠᠷᠤ ᠬᠢᠬᠦ ᠦᠬᠡᠢ ᠪᠠᠶᠢᠲᠠᠯ᠎ᠠ ᠪᠢ ᠶᠠᠭᠠᠬᠢᠭᠠᠳ ᠬᠤᠳᠠᠯ ᠪᠢᠴᠢᠬᠦ ᠪᠢᠯᠠ 》ᠬᠡᠵᠠᠢ᠃ ᠲᠡᠶᠢᠮᠤ ᠠᠴᠠ ᠨᠢᠯᠬᠠᠰᠠᠭ ᠤᠶᠤᠨ ᠤᠬᠠᠭᠠᠨ ᠤ ᠰᠢᠨᠠᠬᠡᠨ ᠬᠦᠭᠵᠢᠵᠤ ᠪᠠᠶᠢᠭ᠎ᠠ ᠬᠡᠤᠬᠡᠳ  ᠲᠤ ᠠᠪᠤ ᠡᠵᠢ ᠪᠤᠯ ᠲᠠᠬᠦᠨ  ᠤ ᠠᠮᠢᠳᠤᠷᠠᠯ ᠤᠨ ᠲᠤᠯᠢ ᠪᠤᠯᠬᠤ ᠶᠤᠰᠤᠲᠠᠢ᠃

ᠰᠢᠨ᠎ᠠ ᠡᠷᠠᠨ ᠬᠦᠭᠵᠢᠬᠡᠳ ᠰᠤᠷᠠᠭ ᠵᠠᠩᠬᠢ ᠶᠢᠨ ᠴᠠᠭ ᠦᠶ᠎ᠠ ᠪᠤᠯᠵᠠᠢ᠃ ᠬᠦᠮᠤᠨ ᠤ ᠬᠡᠪ ᠪᠤᠯᠪᠠᠰᠤᠷᠠᠯ ᠤᠨ ᠲᠤᠬᠠᠢ ᠱᠠᠭᠠᠷᠳᠠᠯᠭ᠎ᠠ ᠦᠨᠳᠤᠷ ᠪᠤᠯᠵᠤ᠂ ᠠᠯᠢᠪᠠ ᠠᠵᠢᠯ  ᠤᠨ ᠪᠠᠶᠢᠷᠢᠨ  ᠳᠤ ᠪᠦᠷ ᠡᠷᠳᠡᠮᠲᠠᠨ᠂ ᠴᠢᠳᠠᠪᠤᠷᠢᠲᠠᠨ ᠢ ᠬᠡᠷᠡᠭᠵᠢᠬᠦᠯᠬᠦ ᠪᠤᠯᠤᠭᠰᠠᠨ ᠪᠠᠶᠢᠨ᠎ᠠ᠃ ᠡᠴᠢᠭᠡ ᠡᠭᠡ ᠪᠤᠯᠤᠭᠰᠠᠳ ᠲᠤ ᠬᠡᠷ ᠪᠦᠯᠢ  ᠶᠢᠨ ᠬᠦᠮᠤᠵᠢᠯ  ᠢ ᠴᠦ ᠵᠤᠬᠢᠬᠤ ᠦᠨᠳᠤᠷ ᠲᠦᠪᠰᠢᠨ ᠳᠤ ᠬᠦᠷᠬᠡᠬᠦ ᠱᠠᠭᠠᠷᠳᠠᠯᠭ᠎ᠠ ᠲᠠᠳᠡᠨ ᠤ ᠡᠮᠤᠨ᠎ᠠ ᠲᠠᠯᠪᠢᠭᠳᠠᠵᠤ ᠪᠠᠶᠢᠨ᠎ᠠ᠃ ᠲᠡᠶᠢᠮᠤ ᠠᠴᠠ ᠬᠡᠤᠬᠡᠳ ᠤᠨ ᠬᠡᠷ ᠪᠦᠯᠢ ᠶᠢᠨ ᠬᠦᠮᠤᠵᠢᠯ ᠢ ᠬᠦᠩᠬᠡᠪᠴᠢᠯᠠᠨ ᠦᠵᠡᠵᠤ ᠪᠤᠯᠬᠤ ᠦᠬᠡᠢ᠃ ᠬᠡᠤᠬᠡᠳ  ᠤᠨ ᠰᠠᠶᠢᠨ ᠰᠠᠶᠢᠬᠠᠨ ᠢᠷᠡᠬᠡᠳᠤᠢ ᠶᠢᠨ ᠲᠦᠯᠤᠬᠡ ᠠᠪᠤ ᠡᠵᠢ ᠪᠤᠯᠤᠭᠰᠠᠳ ᠡᠷᠬᠡᠪᠰᠢ ᠪᠠᠶ᠎ᠠ ᠳᠡᠭᠡᠨ ᠦᠨᠳᠤᠷ ᠱᠠᠭᠠᠷᠳᠠᠯᠭ᠎ᠠ ᠲᠠᠯᠪᠢᠵᠤ᠂ ᠬᠤᠯᠠ ᠶᠢᠨ ᠬᠠᠷᠠᠴᠠ ᠶᠢ ᠪᠤᠢ ᠪᠤᠯᠭᠠᠬᠤ ᠴᠢᠬᠤᠯᠠᠲᠠᠢ ᠪᠠᠢᠨ᠎ᠠ᠃

 

ᠢᠷᠡᠯᠲᠡ᠄      ᠨᠠᠶᠢᠷᠠᠭᠤᠯᠤᠭᠴᠢ᠄