home
home

    ᠢᠨᠳᠡᠷ ᠶᠢᠰᠦᠳᠦᠭᠡᠷ ᠪᠠᠭ᠎ᠠ ᠰᠤᠷᠭᠠᠭᠤᠯᠢ ᠵᠠᠯᠠᠢᠳ ᠬᠤᠰᠢᠭᠤᠨ ᠪ 《ᠮᠦᠨᠭᠭᠦᠨ ᠴᠤᠤᠯ 》 ᠬᠤᠨᠳᠠᠭᠠᠳᠤ ᠢᠷᠠᠭᠤ ᠨᠠᠢᠷᠠᠭ ᠤᠨ ᠤᠷᠠᠨ ᠲᠤᠳᠤ ᠤᠨᠭᠰᠢᠯᠭ᠎ᠠ ᠶᠢᠨ ᠤᠷᠤᠯᠳᠤᠭᠠᠨ ᠳᠤ ᠦᠨᠳᠦᠷ ᠠᠮᠵᠢᠯᠳᠠ ᠤᠯᠪᠠ

2017-11-01  9:50

ᠡᠯᠪᠡᠭ ᠬᠤᠷᠢᠶᠠᠯᠳᠠ ᠶᠢᠨ  ᠡᠭᠡᠰᠢᠭ ᠲᠠᠭᠤᠨ ᠲᠠᠢ ᠡᠭᠡᠯᠢᠲᠠᠢ ᠰᠠᠢᠬᠠᠨ ᠠᠷᠪᠠᠨ ᠰᠠᠷᠠᠢᠨ ᠠᠷᠪᠠᠨ ᠳᠦᠷᠪᠡᠨ ᠦ ᠡᠳᠤᠷ ᠂ ᠡᠷᠬᠡ ᠵᠢᠷᠭᠠᠯᠲᠠᠢ ᠡᠨᠭᠭᠦᠷᠡᠢ ᠬᠡᠤᠬᠡᠳ ᠦᠨ ᠡᠷᠳᠡᠮ ᠦᠨ ᠦᠯᠦᠬᠡᠢ ᠪᠤᠯᠠᠭ ᠤᠨ ᠬᠤᠸᠠᠷ ᠭᠤᠤᠯ ᠪᠠᠭ᠎ᠠ ᠰᠤᠷᠭᠠᠭᠤᠯᠢ ᠳᠤ ᠵᠠᠯᠠᠢᠳ ᠬᠤᠰᠢᠭᠤᠨ ᠤ 《 ᠮᠦᠨᠭᠭᠦᠨ ᠴᠤᠤᠯ 》 ᠬᠤᠨᠳᠠᠭᠠᠳᠤ ᠰᠤᠷᠤᠭᠴᠢ ᠶᠢᠨ ᠤᠷᠠᠨ ᠲᠤᠳᠤ ᠤᠨᠭᠰᠢᠯᠭ᠎ᠠ ᠶᠢᠨ ᠤᠷᠤᠯᠳᠤᠭᠠᠨ ᠵᠢᠴᠢ ᠪᠠᠭᠰᠢ ᠶᠢᠨ ᠦᠨᠳᠦᠰᠦᠨ ᠴᠢᠳᠠᠪᠤᠷᠢ ᠶᠢᠨ ᠲᠦᠷᠢᠮᠵᠢ ᠤᠨᠭᠰᠢᠯᠭ᠎ᠠ ᠶᠢᠨ ᠤᠷᠤᠯᠳᠤᠭᠠ ᠪ ᠮᠦᠨᠭᠭᠦᠨ ᠬᠦᠰᠢᠭᠡ ᠢᠷᠠᠭᠳᠠᠪᠠ ᠃

ᠲᠤᠰ ᠤᠳᠠᠭᠠᠨ ᠤ ᠤᠷᠤᠯᠳᠤᠭᠠᠨ ᠳᠤ ᠮᠠᠨ ᠤ ᠰᠤᠷᠭᠠᠭᠤᠯᠢ   ᠶᠢᠨ ᠬᠢᠨ ᠪᠠᠭᠰᠢ ᠂ ᠰᠤᠷᠤᠭᠴᠢ ᠶᠢᠨ ᠬᠤᠶᠠᠷ ᠲᠤᠭᠤᠢᠯᠠᠨᠩ ᠳᠤ ᠲᠤᠰᠪᠤᠷᠢ ᠬᠤᠶᠠᠷ ᠨᠡᠷᠡᠰ ᠨᠡᠷ᠎ᠡ ᠮᠡᠳᠡᠭᠦᠯᠵᠤ ᠢᠳᠡᠪᠬᠢᠯᠡᠨ ᠤᠷᠤᠯᠴᠠᠵᠠᠢ ᠃ ᠤᠷᠤᠯᠳᠤᠭᠠᠨ ᠤ ᠶᠠᠪᠤᠴᠠ ᠳᠤ ᠤᠯᠠᠨ  ᠢ ᠪᠠᠶᠠᠰᠬᠠᠭᠰᠠᠨ ᠤᠴᠢᠷ ᠭᠡᠪᠡᠯ ᠂ ᠮᠠᠨ ᠤ ᠰᠤᠷᠭᠠᠭᠤᠯᠢ ᠶᠢᠨ ᠭᠤᠷᠪᠠᠳᠤᠠᠭᠠᠷ ᠤᠨ ᠤ ᠬᠡᠬᠡᠨᠴᠢᠷ ᠰᠤᠷᠤᠭᠴᠢ ᠮᠢᠨᠢ ᠡᠨᠡ ᠮᠡᠳᠤ ᠶᠢᠨ ᠤᠷᠤᠯᠳᠤᠭᠠᠨ ᠪ  ᠲᠠᠢᠰᠠᠨ᠎ᠠ ᠠᠯᠬᠤᠭ᠎ᠠ ᠪᠠᠨ ᠡᠬᠢᠯᠡᠵᠤ ᠪᠠᠢᠭ᠎ᠠ ᠪᠠᠢᠪᠠᠴᠤ 《 ᠨᠢᠯᠬ᠎ᠠ ᠲᠤᠭᠤᠯ ᠪᠠᠷᠰ ᠠᠴᠠ ᠠᠶᠤᠬᠤ ᠦᠭᠡᠢ 》 ᠶᠤᠰᠤ ᠪᠠᠷ ᠲᠡᠷᠡ ᠮᠠᠨᠢ ᠨᠠᠰᠤ ᠪᠠᠷ ᠪᠠᠭ᠎ᠠ ᠪᠤᠯᠪᠠᠴᠤ ᠡᠬᠡ ᠬᠡᠯᠡ ᠪᠡᠨ ᠪᠠᠬᠠᠳᠤᠵᠤ ᠤᠶᠠᠨᠭᠭᠠᠯᠠᠬᠤ ᠤᠮᠤᠭ ᠵᠤᠷᠢᠭ ᠬᠠᠮᠤᠭ ᠤᠨ ᠪᠠᠳᠠᠷᠠᠨᠭᠭᠤᠢ ᠪᠠᠷ ᠢᠶᠠᠨ ᠠᠬ᠎ᠠ ᠡᠭᠡᠴᠢ ᠨᠠᠷ ᠲᠠᠢ ᠪᠠᠨ ᠰᠢᠭᠤᠷᠬᠠᠢᠯᠠᠨ ᠮᠦᠷᠦᠢᠴᠡᠵᠤ ᠠᠮᠢᠳᠤᠷᠠᠯ ᠲᠡᠮᠡᠴᠡᠯ ᠦᠨ ᠠᠶᠠᠨ ᠵᠠᠮ ᠳ᠋ᠡᠬᠢ ᠬᠤᠷᠴᠡ ᠰᠢᠷᠤᠭᠦᠨ ᠬᠠᠳᠠᠭᠤ ᠰᠢᠯᠭᠠᠯᠳᠠ ᠳᠤ ᠦᠪᠡᠷ ᠢ ᠪᠠᠨ ᠲᠠᠪᠲᠠᠨ ᠪᠤᠯᠪᠠᠰᠤᠷᠠᠭᠤᠯᠵᠠᠢ ᠃ ᠤᠷᠤᠯᠳᠤᠭᠠᠨ ᠤ ᠳ᠋ᠦᠩ ᠳᠦ ᠪᠠᠯᠴᠢᠷ ᠭᠡᠵᠤ ᠪᠠᠰᠤᠵᠤ ᠪᠤᠯᠬᠤ ᠦᠭᠡᠢ ᠵᠢᠭᠠᠯ ᠬᠡᠤᠬᠡᠨ ᠤᠶᠠᠨᠭᠭ᠎ᠠ ᠰᠡᠳᠬᠢᠯᠭᠡ ᠪᠢᠯᠬᠠᠭᠰᠠᠨ ᠤᠷᠠᠨ ᠲᠤᠳᠤ ᠤᠨᠭᠰᠢᠯᠭ᠎ᠠ ᠪᠠᠷ ᠢᠶᠠᠨ ᠬᠢᠨᠠᠭᠴᠢ ᠪᠠᠭᠰᠢ ᠨᠠᠷ ᠢ ᠡᠷᠭᠡᠰᠢᠶᠡᠯ ᠳᠦ ᠪᠡᠨ ᠤᠷᠤᠭᠤᠯᠵᠤ ᠂ ᠪᠠᠭ᠎ᠠ ᠰᠤᠷᠭᠠᠭᠤᠯᠢ ᠶᠢᠨ ᠲᠤᠭᠤᠢᠯᠠᠨᠩ ᠳᠤ ᠪᠠᠨ ᠭᠤᠷᠪᠠᠳᠤᠠᠭᠠᠷ ᠲᠡᠰ ᠦᠨ ᠱᠠᠨᠭᠨᠠᠯ  ᠬᠦᠷᠳᠡᠨ ᠬᠤᠷᠠᠨ ᠴᠤᠭᠯᠠᠷᠠᠭᠰᠠᠳ ᠤᠨ ᠠᠨᠭᠬᠠᠷᠤᠯ ᠢ ᠲᠠᠳᠠᠵᠤ ᠂ ᠬᠠᠷᠠᠭ᠎ᠠ ᠶᠢ ᠪᠤᠯᠢᠶᠠᠨ  ᠠᠢᠮᠠᠭ ᠤᠨ ᠰᠤᠷᠪᠤᠵᠢᠯᠠᠭᠴᠢ ᠶᠢᠨ ᠲᠤᠰᠬᠠᠢ ᠰᠤᠷᠪᠤᠯᠵᠢᠯᠠᠭ᠎ᠠ ᠶᠢ ᠬᠦᠯᠢᠶᠡᠵᠡᠢ ᠃

ᠪᠠᠰᠠ ᠨᠤᠮᠢᠨ ᠰᠤᠷᠤᠭᠴᠢ ᠬᠤᠶᠠᠳᠤᠭᠠᠷ  ᠳᠡᠰ ᠦᠨ ᠱᠠᠨᠭᠨᠠᠯ ᠬᠦᠷᠳᠡᠵᠡᠢ ᠃ ᠮᠠᠨ ᠤ ᠰᠤᠷᠭᠠᠭᠤᠯᠢ  ᠶᠢᠨ ᠬᠤᠶᠠᠷ ᠵᠠᠯᠠᠭᠤ ᠪᠠᠭᠰᠢ ᠮᠢᠨᠢ  ᠬᠤᠶᠠᠳᠤᠭᠠᠷ ᠲᠡᠰ ᠦᠨ ᠱᠠᠨᠭᠨᠠᠯ ᠤᠨ ᠲᠠᠢᠰᠠ ᠶᠢ  ᠪᠦᠬᠦᠨ ᠢᠶᠡᠷ ᠨᠢ  ᠮᠠᠨ ᠤ ᠰᠤᠷᠭᠠᠭᠤᠯᠢ ᠶᠢᠨ ᠬᠢ ᠪᠤᠯᠭᠠᠵᠤ᠂  ᠪᠦᠬᠦ ᠬᠤᠰᠢᠭᠤᠨ ᠳᠤ ᠪᠠᠨ ᠤᠷᠤᠢᠯᠠᠵᠤ ᠂ ᠪᠦᠬᠦᠳᠡ ᠤᠯᠠᠨ ᠢ  ᠰᠣᠴᠢᠭᠠᠭᠰᠠᠨ ᠪᠠᠢᠨ᠎ᠠ ᠃

ᠡᠬᠡ ᠬᠡᠯᠡ ᠪᠠᠨ ᠡᠷᠬᠢᠮᠯᠡᠨ ᠳᠡᠭᠡᠳᠤᠯᠡᠬᠦ ᠡᠩ ᠦᠨ ᠮᠦᠷᠳᠡᠭᠡᠨ ᠡᠩ ᠦᠨ ᠪᠤᠰᠤ ᠪᠤᠳᠤᠯ  ᠠᠭᠤᠰᠬᠠᠭᠰᠠᠨ ᠡᠨᠡ ᠤᠳᠠᠭᠠᠨ ᠤ ᠬᠦᠳᠡᠯᠭᠡᠭᠡᠨ ᠡᠯᠢᠭᠡ ᠵᠢᠷᠤᠬᠡ ᠶᠢ ᠮᠢᠨᠢ ᠲᠤᠨᠭᠰᠤᠯᠭᠠᠵᠤ ᠡᠪᠴᠢᠭᠦᠦ ᠴᠡᠭᠡᠵᠢ ᠶᠢ ᠮᠢᠨᠢ ᠮᠤᠨᠭᠭᠤᠯ ᠢᠶᠠᠷ ᠭᠤᠶᠤᠵᠤ ᠂ ᠬᠡᠯᠡ ᠨᠢᠭᠡᠳᠡᠨ ᠢ ᠰᠡᠳᠬᠢᠯ ᠨᠢᠭᠡᠳᠤᠭᠦᠯᠵᠤ ᠨᠠᠯᠠᠭᠠᠷ ᠨᠠᠮᠤᠷ ᠤᠨ ᠨᠠᠷᠭᠢᠶᠠᠨᠳᠤ ᠡᠳᠤᠷ ᠢ ᠬᠦᠯ ᠨᠢᠭᠡᠲᠡᠢ  ᠨᠠᠢᠷᠠᠯᠳᠤᠭᠤᠯᠵᠤ ᠂ ᠡᠯᠢᠭᠡ ᠨᠢᠭᠡᠲᠡᠢ ᠬᠦᠮᠦᠰ ᠢ ᠡᠷᠬᠢᠨ ᠡᠷᠬᠢᠨ ᠡᠭᠡᠰᠢᠭᠯᠡᠬᠦᠯᠬᠦ ᠡᠭᠡᠨᠡᠭᠳᠡ ᠶᠢᠨ ᠪᠤᠳᠤᠯ ᠢ ᠲᠦᠷᠦᠭᠳᠡᠬᠦᠯᠵᠦ ᠂ ᠡᠷᠳᠡᠮᠳᠤ ᠪᠠᠭᠰᠢ ᠂ ᠡᠷᠡᠭᠦᠯ   ᠰᠠᠷᠠᠭᠤᠯ ᠰᠤᠷᠤᠭᠴᠢ ᠲᠠᠢ ᠡᠶ᠎ᠡ ᠵᠤᠬᠢᠴᠠᠨᠭᠭᠤᠢ ᠂ ᠡᠪ ᠨᠢᠭᠡᠳᠤᠯᠳᠤ ᠡᠬᠡ ᠰᠤᠷᠭᠠᠭᠤᠯᠢ ᠶᠢᠨ ᠡᠩ ᠦᠨ ᠪᠤᠰᠤ ᠢᠷᠡᠭᠡᠳᠤᠢ ᠶᠢᠨ ᠵᠢᠷᠤᠭ  ᠳᠦᠷᠰᠤ ᠶᠢ ᠬᠠᠷᠠᠭᠠᠨ ᠳᠤ ᠲᠤᠳᠤᠷᠠᠭᠤᠯᠵᠠᠢ  ᠃1586fa6936259851267f bd8d5aa15abee80e5a41

ᠢᠷᠡᠯᠲᠡ᠄ ᠢᠨᠳᠡᠷ ᠶᠢᠰᠦᠳᠦᠭᠡᠷ ᠪᠠᠭ᠎ᠠ ᠰᠤᠷᠭᠠᠭᠤᠯᠢ      ᠨᠠᠶᠢᠷᠠᠭᠤᠯᠤᠭᠴᠢ᠄ᠰᠢᠵᠢᠷᠳᠤᠶᠠᠭ᠎ᠠ