home
home

    ᠬᠦᠮᠦᠨ ᠤ ᠨᠢᠬᠡ ᠨᠠᠰᠦᠨ ᠳᠤ ᠰᠠᠨᠠᠭᠠᠨ ᠳᠠᠭᠠᠨ ᠠᠪᠬᠤ ᠬᠡᠷᠡᠭ ᠦᠬᠡᠢ ᠠᠷᠪᠠᠨ ᠶᠠᠪᠤᠳᠠᠯ

2016-08-28  18:03

1᠂ ᠬᠤᠨᠵᠢᠬᠳᠠᠬᠤ — ᠬᠤᠨᠵᠢᠬᠳᠠᠬᠤ ᠪᠤᠯ ᠵᠢᠷᠭᠠᠯ᠃ ᠠᠰᠢᠭ ᠬᠤᠨᠵᠢᠶ᠎ᠠ ᠤᠯᠬᠤ ᠪᠤᠯᠭᠠᠨ ᠠᠵᠠ ᠲᠠᠢ ᠶᠠᠪᠤᠳᠠᠯ ᠪᠢᠰᠢ᠂ ᠠᠯᠢᠪᠠ ᠵᠤᠯ ᠵᠠᠪᠰᠢᠶᠠᠨ ᠨᠢ ᠴᠦᠮ ᠪᠠᠶᠠᠷᠯᠠᠭᠤᠰᠢᠳᠠᠢ ᠬᠡᠬᠦ ᠪᠢᠰᠢ᠂ ᠡᠬᠦᠨ ᠲᠠᠢ ᠠᠳᠠᠯᠢ ᠪᠠᠷ ᠠᠯᠢᠪᠠ ᠭᠤᠨᠢᠭ ᠵᠤᠪᠠᠯᠠᠩ ᠨᠢ ᠲᠡᠰᠪᠦᠷᠢᠯᠡᠵᠤ ᠲᠠᠶᠢᠯᠬᠦᠶ᠎ᠠ ᠪᠢᠰᠢ᠂ ᠬᠤᠨᠵᠢᠬᠳᠠᠬᠤ ᠨᠢ ᠶᠡᠷᠦ ᠨᠢ ᠬᠦᠮᠦᠨ ᠤ ᠪᠤᠳᠤᠯ ᠰᠡᠳᠬᠢᠯ ᠳᠤ ᠨᠠᠨᠳᠢᠩᠨᠠᠬᠳᠠᠬᠤ ᠬᠤᠪᠤᠷ ᠡᠷᠳᠡᠨᠢ ᠮᠦᠨ᠂ ᠬᠤᠨᠵᠢᠬᠳᠠᠬᠤ ᠶᠢ ᠤᠢᠢᠯᠠᠭᠠᠬᠤ ᠦᠬᠡᠢ ᠪᠤᠯ ᠬᠦᠮᠦᠨ ᠤ ᠠᠮᠢᠳᠦᠷᠠᠯ ᠳᠤ ᠬᠦᠢᠴᠡᠳ ᠤᠬᠠᠭᠠᠷᠠᠬᠤ ᠦᠬᠡᠢ᠃ ᠬᠤᠨᠵᠢᠬᠳᠠᠬᠤ ᠶᠢ ᠤᠢᠢᠯᠠᠭᠠᠬᠤ ᠦᠬᠡᠢ ᠪᠤᠯ ᠠᠵᠢᠯ ᠦᠢᠯᠡᠰ ᠤᠨ ᠢᠷᠠᠭᠤ ᠭᠠᠶᠢᠬᠠᠮᠰᠢᠭ ᠬᠡᠷᠡᠯ ᠰᠠᠴᠤᠷᠠᠩᠭᠤᠢ ᠪᠠᠶᠢᠬᠤ ᠦᠬᠡᠢ᠃ 2᠂ ᠰᠤᠶᠤᠯ ᠤᠨ ᠬᠡᠮᠵᠢᠶ᠎ᠠ — ᠰᠤᠶᠤᠯ ᠤᠨ ᠬᠡᠮᠵᠢᠶ᠎ᠠ ᠴᠢᠳᠠᠪᠦᠷᠢ ᠲᠠᠢ ᠲᠡᠩᠴᠡᠬᠦ ᠦᠬᠡᠢ᠃ ᠨᠢᠬᠡ ᠬᠦᠮᠦᠨ ᠦᠨᠳᠦᠷ ᠰᠤᠷᠤᠯᠭ᠎ᠠ ᠶᠢᠨ ᠨᠠᠮᠳᠡᠷ ᠲᠠᠢ ᠪᠠᠶᠢᠬᠰᠠᠨ ᠬᠤᠶᠢᠨ᠎ᠠ ᠨᠡᠯᠢᠶᠡᠳ ᠰᠠᠶᠢᠨ ᠠᠵᠢᠯ ᠤᠯᠬᠤ ᠬᠦᠷᠦᠩᠬᠡ  ᠲᠠᠢ ᠪᠤᠯᠤᠭᠰᠠᠨ ᠨᠢ ᠲᠡᠮᠵᠢᠭ᠋ ᠦᠬᠡᠢ᠂ ᠬᠡᠳᠡᠯ᠎ᠡ ᠰᠤᠶᠤᠯ ᠤᠨ ᠬᠡᠮᠵᠢᠶ᠎ᠠ ᠦᠨᠳᠦᠷ ᠪᠠᠶᠢᠬᠤ ᠨᠢ ᠠᠯᠢᠪᠠ ᠶᠢ ᠰᠢᠢᠳᠪᠦᠷᠢᠯᠡᠨ᠎ᠡ ᠬᠡᠰᠡᠨ ᠦᠬᠡ ᠪᠢᠰᠢ᠂ ᠰᠤᠶᠤᠯ ᠤᠨ ᠬᠡᠮᠵᠢᠶ᠎ᠠ ᠦᠨᠳᠦᠷ ᠪᠠᠶᠢᠪᠠᠯ ᠲᠠᠷᠤᠢ ᠴᠢᠳᠡᠪᠦᠷᠢ ᠲᠠᠢ ᠬᠡᠰᠡᠨ ᠦᠬᠡ ᠪᠢᠰᠢ᠂ ᠨᠢᠬᠡ ᠬᠦᠮᠦᠨ ᠤ ᠠᠯᠦᠰ ᠢᠷᠡᠬᠡᠳᠦᠢ ᠶᠠᠮᠠᠷ ᠬᠡᠳᠡᠭ ᠨᠢ ᠰᠤᠶᠤᠯ ᠤᠨ ᠭᠡᠮᠵᠢᠶ᠎ᠠ ᠪᠠᠷ ᠲᠤᠭᠳᠠᠭᠠᠭᠳᠠᠬᠤ ᠪᠢᠰᠢ ᠬᠠᠷᠢᠨ ᠲᠤᠰ ᠬᠦᠮᠦᠨ ᠤ ᠵᠢᠩᠬᠢᠨᠢ ᠴᠢᠳᠡᠪᠦᠷᠢ ᠪᠠᠷ ᠲᠤᠭᠳᠠᠭᠠᠭᠳᠠᠨ᠎ᠠ᠃ 3᠂ ᠡᠪᠡᠳᠴᠢᠨ ᠵᠤᠪᠠᠯᠠᠩ — ᠢᠳᠡᠭᠡᠯ ᠵᠤᠷᠢᠭ ᠠᠯᠢᠪᠠ ᠶᠢ ᠢᠯᠠᠨ᠎ᠠ᠃ ᠨᠢᠬᠡ ᠬᠦᠮᠦᠨ ᠵᠦᠪᠬᠡᠨ ᠪᠠᠶᠠᠰᠤᠩᠭᠤᠢ ᠦᠵᠡᠯ ᠪᠠ ᠡᠷᠡᠰ ᠴᠢᠩᠭ᠎ᠠ ᠬᠡᠪ ᠴᠢᠨᠠᠷ ᠢ ᠪᠦᠷᠢᠯᠳᠦᠬᠦᠯᠪᠠᠯ ᠰᠠᠶᠢ ᠦᠪᠡᠷ ᠤᠨ ᠬᠤᠪᠢ ᠵᠠᠶᠠᠭ᠎ᠠ ᠪᠠᠨ ᠨᠡᠩ ᠰᠠᠶᠢᠨ ᠡᠵᠡᠮᠳᠡᠵᠤ ᠴᠢᠳᠠᠨ᠎ᠠ᠃ ᠤᠴᠢᠷ ᠨᠢ ᠪᠠᠶᠠᠰᠤᠩᠭᠤᠢ ᠦᠵᠡᠯ ᠪᠡ ᠬᠠᠳᠠᠨ ᠵᠤᠷᠢᠭ ᠪᠤᠯ ᠬᠦᠮᠦᠨ ᠤ ᠠᠮᠢᠳᠦᠷᠠᠯ ᠤᠨ ᠵᠠᠮ ᠤᠨ ᠵᠠᠯᠠᠭᠤᠷᠴᠢᠨ᠂ ᠬᠤᠪᠢ ᠵᠠᠶᠠᠭᠠᠨ ᠤ ᠤᠩᠭᠤᠴᠠ ᠶᠢ ᠡᠵᠡᠮᠳᠡᠬᠦ ᠬᠦᠳᠡᠯᠬᠡᠬᠦ ᠬᠦᠴᠦᠨ ᠤ ᠵᠠᠯᠠᠭᠤᠷ ᠮᠦᠨ᠃ 4᠂ ᠵᠦᠢ ᠵᠤᠬᠢᠰ ᠦᠬᠡᠢ ᠰᠢᠬᠦᠮᠵᠢᠯᠡᠯ — ᠦᠬᠦᠭᠰᠡᠨ ᠨᠤᠬᠠᠢ ᠶᠢ ᠢᠰᠬᠦᠯᠬᠦ ᠬᠦᠮᠦᠨ ᠦᠬᠡᠢ᠃ ᠪᠤᠰᠤᠳ ᠤᠨ ᠰᠢᠬᠦᠮᠵᠢᠯᠡᠯ ᠢ ᠬᠦᠯᠢᠶᠡᠬᠦ ᠨᠢ ᠨᠢᠬᠡ ᠵᠦᠢᠯ ᠤᠨ ᠲᠡᠰᠪᠦᠷᠢᠯᠡᠵᠤ ᠲᠡᠶᠢᠯᠬᠦ ᠦᠬᠡᠢ ᠶᠠᠪᠤᠳᠠᠯ᠂ ᠵᠦᠢ ᠵᠤᠬᠢᠰ ᠦᠬᠡᠢ ᠰᠢᠬᠦᠮᠵᠢᠯᠡᠯ ᠢ ᠬᠦᠯᠢᠶᠡᠬᠦ ᠨᠢ ᠨᠡᠩ ᠴᠤ ᠡᠶᠢᠮᠦ᠂ ᠪᠤᠰᠤᠳ ᠤᠨ ᠰᠢᠬᠦᠮᠵᠢᠯᠡᠯ ᠢ ᠬᠦᠯᠢᠶᠡᠪᠡᠯ ᠵᠠᠷᠢᠮ ᠬᠦᠮᠦᠨ ᠠᠭᠤᠷᠯᠠᠵᠤ ᠤᠴᠠᠭᠠᠷᠯᠠᠨ᠎ᠠ᠂ ᠵᠠᠷᠢᠮ ᠬᠦᠮᠦᠨ ᠬᠤᠷᠤᠰᠤᠨ ᠭᠤᠮᠤᠳᠠᠨ᠎ᠠ᠂ ᠵᠠᠷᠢᠮ ᠬᠦᠮᠦᠰ ᠬᠠᠷᠢᠨ ᠨᠡᠩ ᠯᠠᠪᠳᠠᠭᠤᠨ ᠲᠤᠭᠳᠠᠭᠤᠨ ᠢᠳᠡᠪᠬᠢᠳᠠᠢ ᠪᠤᠯᠳᠠᠭ᠃ 5᠂ ᠲᠦᠷᠦᠭᠰᠡᠨ ᠪᠠᠶᠢᠳᠠᠯ ᠮᠠᠭᠤᠬᠠᠢ — ᠦᠩᠬᠡ ᠵᠢᠰᠦ ᠠᠯᠢᠪᠡ ᠶᠢ ᠲᠦᠯᠦᠬᠡᠯᠡᠵᠤ ᠲᠠᠶᠢᠯᠬᠦ ᠦᠬᠡᠢ᠃ ᠨᠢᠬᠡ ᠬᠦᠮᠦᠨ ᠤ ᠲᠦᠷᠦᠭᠰᠡᠨ ᠪᠠᠶᠢᠳᠠᠯ ᠮᠠᠭᠤᠬᠠᠢ ᠨᠢ ᠲᠡᠬᠦᠨ ᠤ ᠪᠤᠷᠤᠭᠤ ᠪᠢᠰᠢ᠂ ᠬᠦᠮᠦᠨ ᠪᠤᠯᠭᠠᠨ ᠦᠪᠡᠷ ᠬᠢ ᠳᠡᠭᠡᠨ ᠵᠦᠪ ᠢᠶᠠᠷ ᠬᠠᠨᠳᠤᠬᠤ ᠬᠡᠷᠡᠭᠳᠡᠢ᠂ ᠡᠨᠡ ᠲᠡᠯᠡᠬᠡᠢ ᠳᠤ ᠨᠢᠬᠡ ᠬᠦᠮᠦᠨ ᠬᠠᠮᠤᠭ ᠡᠴᠦᠰ ᠲᠡᠭᠡᠨ ᠪᠤᠰᠤᠳ ᠲᠤ ᠮᠡᠳᠡᠷᠡᠭᠳᠡᠬᠦ ᠨᠢ ᠦᠩᠬᠡ ᠵᠢᠰᠦ ᠪᠢᠰᠢ ᠬᠠᠷᠢᠨ ᠲᠡᠬᠦᠨ ᠤ ᠵᠢᠩᠬᠢᠨᠢ ᠴᠢᠳᠡᠪᠦᠷᠢ ᠪᠤᠯᠤᠨ᠎ᠠ᠃ 6᠂ ᠠᠬᠤᠢ ᠤᠷᠴᠢᠨ — ᠵᠦᠪᠬᠡᠨ ᠬᠤᠭᠤᠰᠤᠨ ᠪᠤᠳᠠᠳᠠᠢ ᠬᠡᠵᠤ ᠪᠠᠶᠢᠬᠤ ᠠᠴᠠ ᠪᠢᠰᠢ ᠰᠠᠶᠢᠨ ᠮᠠᠭᠤ ᠶᠢᠨ ᠢᠯᠭᠠᠭ᠎ᠠ ᠦᠬᠡᠢ ᠃ ᠠᠮᠢᠳᠦᠷᠠᠯ ᠲᠤᠮᠳᠠ ᠤᠯᠠᠩᠬᠢ ᠶᠠᠭᠤᠮ᠎ᠠ ᠴᠦᠮ ᠬᠠᠷᠢᠴᠠᠩᠭᠤᠢ ᠪᠠᠶᠢᠳᠠᠭ᠂ ᠰᠠᠶᠢᠨ ᠮᠠᠭᠤ ᠬᠡᠵᠤ ᠲᠠ ᠲᠡᠬᠦᠨ ᠢ ᠶᠠᠮᠠᠷ ᠪᠠᠷᠢᠮᠵᠢᠶ᠎ᠠ ᠪᠠᠷ ᠪᠠᠷᠢᠮᠵᠢᠶᠠᠯᠠᠬᠤ ᠪᠤᠶᠤ ᠶᠠᠮᠠᠷ ᠰᠡᠳᠬᠢᠯᠬᠡ ᠪᠠᠷ ᠲᠡᠬᠦᠨ ᠳᠤ ᠬᠠᠨᠳᠤᠬᠤ ᠳᠤ ᠪᠠᠶᠢᠨ᠎ᠠ᠃ ᠬᠤᠪᠢ ᠬᠦᠮᠦᠨ ᠤ ᠠᠬᠤᠢ ᠤᠷᠴᠢᠨ ᠴᠤ ᠲᠡᠶᠢᠮᠦ ᠰᠠᠶᠢᠨ ᠮᠠᠭᠤ ᠬᠡᠳᠡᠭ ᠨᠢ ᠴᠦᠮ ᠲᠠᠨ ᠤ ᠰᠡᠳᠬᠢᠯ ᠳᠤ ᠪᠤᠢ᠃ 7᠂ ᠬᠦᠴᠢᠷ ᠠᠮᠰᠠᠬᠤ — ᠬᠦᠴᠢᠷ ᠢ ᠠᠮᠰᠠᠪᠠᠯ ᠬᠤᠨᠵᠢᠬᠳᠠᠬᠤ ᠦᠬᠡᠢ᠃ ᠡᠩ ᠤᠨ ᠦᠬᠡᠨ ᠳᠤ᠂ ᠬᠦᠴᠢᠷ ᠠᠴᠠ ᠶᠡᠭᠡ ᠬᠦᠴᠢᠷ ᠢ ᠠᠮᠰᠠᠪᠠᠯ ᠰᠠᠶᠢ ᠬᠦᠮᠦᠨ ᠠᠴᠠ ᠰᠠᠶᠢᠨ ᠶᠠᠪᠤᠵᠤ ᠴᠢᠳᠠᠨ᠎ᠠ᠂ ᠬᠦᠴᠢᠷ ᠢ ᠠᠮᠰᠠᠬᠰᠠᠨ ᠦᠬᠡᠢ ᠬᠦᠮᠦᠨ ᠤᠯᠠᠩᠬᠢ ᠨᠢ ᠰᠢᠯᠭᠠᠯᠳᠠ ᠶᠢ ᠲᠠᠭᠠᠭᠠᠬᠤ ᠦᠬᠡᠢ ᠬᠦᠮᠦᠨ᠃ 8᠂ ᠤᠬᠢᠯᠠᠬᠤ — ᠤᠬᠢᠯᠠᠬᠤ ᠨᠢ ᠨᠤᠮᠤᠢ ᠲᠤᠷᠤᠢ ᠪᠢᠰᠢ ᠬᠠᠷᠢᠨ ᠰᠠᠨᠠᠭ᠎ᠠ ᠪᠠᠨ ᠠᠮᠤᠷᠵᠢᠭᠤᠯᠵᠤ ᠪᠠᠶᠢᠨ᠎ᠠ᠃ ᠪᠢᠳᠡᠬᠡᠢ ᠤᠬᠢᠯᠠᠬᠤ ᠶᠢ ᠨᠢᠬᠡ ᠬᠦᠮᠦᠨ ᠤ ᠨᠤᠮᠤᠢ ᠲᠤᠷᠤᠢ ᠶᠢᠨ ᠲᠡᠮᠳᠡᠭ ᠬᠡᠵᠤ ᠦᠵᠡᠭᠳᠦᠨ᠂ ᠲᠡ ᠬᠡᠳᠦ ᠵᠦᠳᠡᠷᠡᠵᠤ ᠵᠤᠪᠠᠨ ᠰᠡᠳᠬᠢᠯ ᠴᠢᠨᠢ ᠰᠢᠷᠬᠠᠳᠤᠬᠤ ᠦᠶ᠎ᠠ ᠳᠤ ᠤᠬᠢᠯᠠᠬᠤ ᠨᠢ ᠨᠢᠬᠡ ᠵᠦᠢᠯ ᠤᠨ ᠤᠶᠤᠨ ᠮᠡᠳᠡᠷᠡᠯ ᠤᠨ ᠰᠠᠶᠢᠨ ᠡᠮ᠂ ᠤᠬᠢᠯᠠᠵᠤ ᠪᠠᠷᠠᠭᠰᠠᠨ ᠤ ᠲᠠᠷᠠᠭ᠎ᠠ ᠵᠤᠷᠢᠭ ᠢᠶᠠᠨ ᠬᠦᠪᠴᠢᠯᠡᠵᠤ ᠠᠮᠢᠳᠦᠷᠠᠯ ᠳᠤ ᠵᠤᠷᠢᠬᠳᠠᠢ ᠪᠠᠷ ᠬᠠᠨᠳᠤᠨ᠎ᠠ᠂ ᠬᠦᠮᠦᠨ ᠡᠷᠡᠰ ᠴᠢᠩᠭ᠎ᠠ ᠪᠠᠶᠢᠬᠤ ᠶᠢ ᠱᠠᠭᠠᠷᠳᠠᠬᠤ ᠪᠦᠬᠡᠳ ᠰᠡᠳᠬᠢᠯ ᠢᠶᠠᠨ ᠠᠮᠤᠷᠵᠢᠭᠤᠯᠬᠤ ᠶᠢ ᠴᠤ ᠱᠠᠭᠠᠷᠳᠠᠨ᠎ᠠ᠃ 9᠂ ᠨᠢᠭᠤᠷ ᠲᠠᠯ᠎ᠠ — ᠠᠶᠠᠨᠳᠠᠭᠠᠨ ᠤ᠂ ᠡᠬᠡᠯ ᠶᠡᠷᠦᠮᠳᠡᠭ ᠬᠦᠮᠦᠨ ᠤ ᠠᠮᠢᠳᠦᠷᠠᠯ ᠪᠤᠯ ᠰᠠᠶᠢ ᠨᠢᠬᠡ ᠵᠦᠢᠯ ᠤᠨ ᠵᠤᠯ ᠵᠢᠷᠭᠠᠯ ᠪᠤᠯᠤᠨ᠎ᠠ᠃ ᠠᠶᠠᠨᠳᠠᠭᠠᠨ ᠤ᠂ ᠡᠬᠡᠯ ᠶᠡᠷᠦᠮᠳᠡᠭ ᠬᠦᠮᠦᠨ ᠤ ᠠᠮᠢᠳᠦᠷᠠᠯ ᠪᠤᠯ ᠰᠠᠶᠢ ᠨᠢᠬᠡ ᠵᠦᠢᠯ ᠤᠨ ᠵᠤᠯ ᠵᠢᠷᠭᠠᠯ ᠪᠤᠯᠤᠨ᠎ᠠ᠃ ᠪᠦᠷᠢᠨ ᠰᠠᠶᠢᠬᠠᠨ ᠬᠦᠮᠦᠨ ᠤ ᠠᠮᠢᠳᠦᠷᠠᠯ ᠬᠡᠵᠤ ᠬᠡᠳᠦᠢ ᠶᠡᠭᠡ ᠠᠰᠢᠭ ᠵᠤᠭᠤᠰ ᠤᠯᠤᠬᠰᠠᠨ ᠳᠤᠨᠢ ᠪᠢᠰᠢ᠂ ᠪᠠᠰᠠ ᠴᠤ ᠶᠠᠮᠠᠷ ᠶᠡᠭᠡ ᠠᠮᠵᠢᠯᠳᠠ ᠪᠦᠳᠦᠬᠡᠯ ᠭᠠᠷᠭᠠᠭᠰᠠᠨ ᠳᠤ ᠪᠠᠶᠢᠬᠤ ᠪᠢᠰᠢ᠂ ᠪᠤᠷᠤ ᠪᠤᠷᠤᠭᠵᠢᠭᠤᠨ ᠡᠬᠡᠯ ᠶᠡᠷᠦᠮᠳᠡᠭ ᠠᠮᠢᠳᠦᠷᠠᠯ ᠲᠤᠮᠳᠠ ᠪᠠᠶᠠᠷ ᠬᠦᠷ ᠲᠠᠢ ᠴᠢᠯᠦᠬᠡᠳᠡᠢ ᠠᠮᠢᠳᠦᠷᠠᠬᠤ ᠪᠤᠯ ᠪᠠᠰᠠ ᠨᠢᠬᠡ ᠵᠦᠢᠯ ᠤᠨ ᠬᠦᠮᠦᠨ ᠤ ᠠᠮᠢᠳᠦᠷᠠᠯ ᠤᠨ ᠬᠦᠬᠡᠬᠡᠴᠡᠯᠳᠦᠯ ᠪᠤᠯᠤᠨ᠎ᠠ᠃ 10᠂ ᠬᠦᠯᠢᠶᠡᠬᠦ — ᠬᠦᠯᠢᠶᠡᠬᠦ ᠪᠤᠯ ᠨᠢᠬᠡ ᠵᠦᠢᠯ ᠤᠨ ᠵᠤᠯ ᠵᠢᠷᠭᠠᠯ ᠮᠦᠨ᠃ ᠬᠦᠯᠢᠶᠡᠬᠦ ᠪᠤᠯ ᠨᠢᠬᠡ ᠵᠦᠢᠯ ᠤᠨ ᠶᠠᠪᠤᠴᠠ᠂ ᠶᠠᠭ ᠡᠪᠦᠯ ᠤᠨ ᠤᠷᠳᠤ ᠳᠤ ᠲᠦᠮᠡᠨ ᠪᠤᠳᠠᠰ ᠬᠠᠪᠤᠷ ᠪᠤᠯᠵᠤ ᠬᠠᠮᠤᠭ ᠲᠦᠯᠵᠢᠨ ᠠᠮᠢᠯᠠᠬᠤ ᠶᠢ ᠬᠦᠯᠢᠶᠡᠬᠦ ᠲᠠᠢ ᠠᠳᠠᠯᠢ ᠬᠦᠯᠢᠶᠡᠬᠦ ᠪᠤᠯ ᠨᠢᠬᠡ ᠵᠦᠢᠯ ᠤᠨ ᠵᠤᠯ ᠵᠢᠷᠭᠠᠯ ᠮᠦᠨ᠂ ᠲᠡᠷᠡ ᠨᠢ ᠠᠮᠢ ᠨᠠᠰᠤᠨ ᠳᠤ ᠬᠠᠮᠤᠭ ᠤᠨ ᠦᠨᠡᠨ ᠪᠤᠳᠠᠳᠠᠢ ᠬᠦᠰᠡᠯ ᠢ ᠤᠯᠭᠤᠨ᠎ᠠ᠃ ᠬᠦᠯᠢᠶᠡᠵᠤ ᠰᠤᠷᠤᠭᠠᠷᠠᠢ᠂ ᠲᠡᠨ ᠳᠤ ᠠᠮᠢ ᠨᠠᠰᠤᠨ ᠤ ᠮᠢᠨᠦ᠋ᠲ ᠰᠧᠬᠦ᠋ᠨ᠋ᠲ ᠨᠢᠬᠡᠪᠦᠷᠢ ᠨᠢ ᠢᠷᠠᠭᠤ ᠰᠠᠶᠢᠬᠠᠨ ᠰᠠᠨᠠᠬᠳᠠᠬᠤ ᠶᠤᠮ᠃

ᠢᠷᠡᠯᠲᠡ᠄      ᠨᠠᠶᠢᠷᠠᠭᠤᠯᠤᠭᠴᠢ᠄