home
home

    ᠡᠷᠡᠬᠦᠯ ᠰᠡᠳᠬᠢᠴᠡ ᠬᠢᠭᠡᠳ ᠰᠤᠷᠤᠭᠴᠢ

2016-08-28  18:08

26(12)

ᠡᠷᠡᠬᠦᠯ ᠰᠠᠶᠢᠬᠠᠨ ᠰᠡᠳᠬᠢᠴᠡ ᠬᠦᠮᠦᠨ ᠪᠦᠬᠦᠨ ᠳᠤ ᠴᠢᠬᠤᠯᠠ ᠪᠠᠶᠢᠳᠠᠭ᠃ ᠢᠯᠠᠩᠭᠤᠶ᠎ᠠ ᠡᠷᠳᠡᠮ ᠮᠡᠳᠡᠯᠭᠡ ᠰᠤᠷᠴᠤ ᠡᠵᠡᠮᠰᠢᠵᠦ ᠪᠠᠶᠢᠭ᠎ᠠ ᠰᠤᠷᠤᠭᠴᠢ ᠬᠦᠮᠦᠨ ᠳᠤ ᠠᠪᠴᠤ ᠬᠡᠯᠡᠪᠡᠯ ᠨᠡᠩ ᠴᠤ ᠴᠢᠬᠤᠯᠠ ᠶᠤᠮ᠃ ᠨᠢᠭᠡ ᠰᠤᠷᠤᠭᠴᠢ ᠶᠢᠨ ᠬᠢᠷᠢ ᠵᠡᠷᠭᠡ ᠡᠷᠳᠡᠮ ᠮᠡᠳᠡᠯᠭᠡ ᠡᠵᠡᠮᠰᠢᠬᠦ᠂ ᠬᠢᠷᠢ ᠵᠡᠷᠭᠡ ᠶᠢᠨ ᠬᠦᠮᠦᠨ ᠪᠤᠯᠬᠤ ᠨᠢ ᠬᠤᠵᠢᠮ ᠤᠨ ᠬᠢᠨᠢ ᠠᠵᠢᠯ ᠦᠢᠯᠡᠰ ᠲᠠᠢ ᠰᠢᠭᠤᠳ ᠬᠤᠯᠪᠤᠭᠳᠠᠨ᠎ᠠ᠃ ᠭᠡᠬᠦ ᠳᠤ ᠪᠠᠨ ᠰᠤᠷᠤᠭᠴᠢᠳ ᠤᠳᠤᠬᠠᠨ ᠳᠤ ᠪᠠᠨ ᠡᠷᠡᠬᠦᠯ ᠰᠡᠳᠬᠢᠴᠡ ᠴᠤᠬᠤᠮ ᠬᠡᠴᠢᠨᠡᠨ ᠴᠢᠬᠤᠯᠠ ᠭᠡᠳᠡᠭ ᠢ ᠮᠡᠳᠡᠬᠦ ᠦᠭᠡᠢ ᠮᠠᠭᠠᠳ᠂ ᠡᠷᠡᠬᠦᠯ ᠰᠡᠳᠬᠢᠴᠡ ᠲᠠᠢ ᠬᠦᠮᠦᠨ ᠪᠤᠯᠤᠨ ᠡᠷᠡᠬᠦᠯ ᠪᠤᠰᠤ ᠰᠡᠳᠬᠢᠴᠡ ᠲᠠᠢ ᠬᠦᠮᠦᠨ ᠮᠠᠰᠢ ᠳᠤᠳᠤᠷᠬᠠᠢ ᠢᠯᠭᠠᠭ᠎ᠠ ᠲᠠᠢ ᠪᠠᠶᠢᠳᠠᠭ᠃ ᠡᠷᠡᠬᠦᠯ ᠪᠤᠰᠤ ᠰᠡᠳᠬᠢᠴᠡ ᠲᠠᠢ ᠬᠦᠮᠦᠨ ᠤ ᠳᠠᠷᠢᠬᠢᠨ ᠳᠤ ᠬᠤᠤᠷᠳᠤ ᠪᠠᠺᠲ᠋ᠧᠷᠢ ᠤᠷᠤᠭᠰᠠᠨ ᠮᠡᠳᠦ ᠳᠡᠷᠡ ᠬᠦᠮᠦᠨ ᠤ ᠠᠮᠢᠳᠤᠷᠠᠯ ᠰᠤᠷᠤᠯᠭ᠎ᠠ ᠶᠢ ᠬᠠᠷᠰᠢᠯᠠᠳᠠᠭ᠃ ᠡᠭᠡ ᠠᠴᠠ ᠪᠠᠨ ᠰᠠᠶ᠋ᠢ ᠲᠦᠷᠦᠭᠦ ᠦᠶᠡᠰ ᠨᠢᠯᠬ᠎ᠠ ᠬᠡᠤᠬᠡᠳ ᠤᠨ ᠤᠭᠤᠷᠠᠭ ᠳᠠᠷᠢᠬᠢᠨ ᠤ ᠬᠢᠨᠢ ᠠᠯᠢᠪᠠ ᠪᠦᠬᠦᠨ ᠴᠤ᠋ ᠰᠢᠨ᠎ᠡ ᠴᠠᠭᠠᠰᠤ ᠰᠢᠭ᠋ ᠰᠢᠨ᠎ᠡ ᠰᠤᠷᠭᠤᠭ ᠡᠷᠡᠬᠦᠯ ᠰᠠᠶᠢᠬᠠᠨ ᠪᠠᠶᠢᠳᠠᠭ᠃ ᠭᠡᠪᠡᠴᠦ ᠳᠤᠮᠤ ᠪᠤᠯᠵᠦ ᠤᠬᠠᠭ᠎ᠠ ᠤᠷᠤᠵᠦ᠂ ᠦᠰᠦᠨ ᠪᠤᠶᠢᠵᠢᠬᠤ ᠶᠠᠪᠤᠴᠠ ᠳᠤᠮᠳᠠ ᠨᠠᠶᠢᠭᠡᠮ ᠳᠡᠭᠡᠷᠡᠬᠢ ᠡᠷᠡᠬᠦᠯ ᠪᠤᠰᠤ ᠵᠦᠢᠯ ᠳᠤ ᠰᠢᠨᠤᠯ ᠲᠠᠢ ᠪᠤᠯᠵᠦ᠂ ᠳᠡᠷᠡᠬᠦ ᠴᠡᠪᠡᠷ ᠰᠠᠶᠢᠬᠠᠨ ᠰᠡᠳᠬᠢᠴᠡ ᠨᠢ 《 ᠪᠤᠵᠠᠷ ᠪᠤᠷᠳᠠᠭ》 ᠋ ᠪᠤᠯᠳᠠᠭ ᠪᠠᠶᠢᠨ᠎ᠠ᠃ ᠤᠳᠤᠬᠠᠨ ᠤ ᠮᠠᠨ ᠤ ᠰᠤᠷᠤᠭᠴᠢᠳ ᠤᠨ ᠳᠤᠮᠳᠠ ᠬᠠᠮᠤᠭ ᠤᠨ ᠭᠡᠴᠡᠬᠦᠦ ᠤᠷᠤᠰᠢᠵᠦ ᠪᠠᠶᠢᠭ᠎ᠠ ᠡᠷᠡᠬᠦᠯ ᠪᠤᠰᠤ ᠵᠦᠢᠯ ᠪᠤᠯ ᠳᠤᠤᠷ ᠰᠦᠯᠵᠢᠶᠡᠨ ᠤ ᠵᠠᠷᠢᠮ ᠡᠷᠡᠬᠦᠯ ᠪᠤᠰᠤ ᠵᠦᠢᠯ ᠳᠤ ᠰᠢᠨᠤᠬᠠᠢᠢᠷᠠᠵᠦ ᠪᠠᠶᠢᠭ᠎ᠠ ᠶᠠᠪᠤᠳᠠᠯ ᠪᠤᠯᠤᠨ᠎ᠠ᠃ ᠳᠤᠤᠷ ᠰᠦᠯᠵᠢᠶ᠎ᠡ ᠭᠡᠬᠦᠯᠡᠷ ᠪᠢᠳᠡ ᠳᠡᠬᠦᠨ ᠤ ᠠᠰᠢᠭ ᠲᠠᠢ ᠳᠠᠯ᠎ᠠ ᠪᠤᠯᠤᠨ ᠠᠰᠢᠭ ᠦᠭᠡᠢ ᠳᠠᠯ᠎ᠠ ᠶᠢ ᠪᠤᠳᠤᠵᠦ ᠤᠯᠳᠠᠭ᠃ ᠭᠡᠪᠡᠴᠦ ᠮᠠᠨ ᠤ ᠰᠤᠷᠤᠭᠴᠢᠳ ᠰᠦᠯᠵᠢᠶ᠎ᠡ ᠶᠢ ᠵᠦᠪ ᠢᠶᠠᠷ ᠠᠰᠢᠭᠯᠠᠵᠦ ᠴᠢᠳᠠᠭᠰᠠᠨ ᠦᠭᠡᠢ ᠠᠴᠠ ᠪᠤᠯᠵᠦ ᠵᠠᠷᠢᠮ ᠰᠤᠷᠤᠭᠴᠢᠳ ᠰᠦᠯᠵᠢᠶ᠎ᠡ ᠳᠡᠭᠡᠷ᠎ᠡ ᠠᠴᠠ ᠮᠠᠭᠤ ᠮᠠᠭᠤᠬᠠᠢ ᠵᠦᠢᠯ ᠢ ᠦᠵᠡᠵᠦ᠂ ᠰᠢᠨᠤᠯ ᠲᠠᠢ ᠪᠤᠯᠵᠦ ᠰᠦᠷᠭᠡᠤ ᠰᠡᠳᠬᠢᠴᠡ ᠲᠠᠢ ᠪᠤᠯᠳᠠᠭ ᠪᠠᠶᠢᠨ᠎ᠠ᠃ ᠵᠠᠷᠢᠮ ᠨᠢ ᠪᠠᠰᠠ ᠡᠯ᠎ᠡ ᠵᠦᠢᠯ ᠤᠨ ᠨᠡᠶᠢᠭᠡᠮ ᠪᠤᠯᠤᠨ ᠰᠦᠯᠵᠢᠶ᠎ᠡ ᠳᠡᠭᠡᠷ᠎ᠡ ᠠᠴᠠ ᠪᠤᠵᠠᠷ ᠮᠠᠭᠤᠬᠠᠢ ᠬᠠᠷᠢᠶᠠᠯ ᠰᠤᠷᠴᠤ ᠳᠡᠬᠦᠨ  ᠢᠶᠠᠨ ᠠᠮᠢᠳᠤᠷᠠᠯ ᠳᠤᠮᠳᠠ ᠪᠠᠨ ᠵᠠᠷᠤᠳᠠᠭ ᠪᠠᠶᠢᠨ᠎ᠠ᠃ ᠢᠡᠭᠬᠢᠬᠡᠤᠨ ᠠᠬᠠᠮᠠᠳ ᠤᠨ ᠢᠶᠠᠨ ᠨᠠᠶᠢᠵᠠ ᠨᠦᠭᠦᠳ ᠤᠨ ᠢᠶᠠᠨ ᠳᠤᠷ᠎ᠠ ᠦᠭᠡᠶᠢᠴᠡᠯ ᠢ ᠤᠯᠳᠠᠭ᠃ ᠭᠡᠬᠦ ᠮᠡᠳᠦ ᠶᠢᠨ ᠡᠯᠳᠡᠪ ᠵᠦᠢᠯ ᠤᠨ ᠡᠷᠡᠬᠦᠯ ᠪᠤᠰᠤ ᠵᠦᠢᠯ ᠰᠤᠷᠤᠭᠴᠢᠳ ᠤᠨ ᠳᠤᠮᠳᠠ ᠤᠯᠠᠨ ᠤᠷᠤᠰᠢᠳᠠᠭ ᠃ ᠡᠳᠡᠭᠡᠷ ᠨᠢ ᠪᠦᠷ ᠮᠠᠨ ᠤ ᠢᠷᠡᠭᠡᠳᠦᠢ ᠶᠢᠨ ᠰᠠᠶᠢᠨ ᠰᠠᠶᠢᠬᠠᠨ ᠢ ᠬᠠᠷᠰᠢᠯᠠᠬᠤ ᠬᠦᠴᠦᠨ ᠵᠦᠢᠯ ᠪᠤᠯᠤᠨ᠎ᠠ᠃ ᠳᠡᠶᠢᠮᠦ ᠠᠴᠠ ᠰᠤᠷᠤᠭᠴᠢ ᠪᠤᠯᠤᠭᠰᠠᠨ ᠪᠢᠳᠡ ᠡᠷᠡᠬᠦᠯ ᠰᠠᠶᠢᠬᠠᠨ ᠰᠡᠳᠬᠢᠴᠡ ᠪᠠᠷ ᠡᠷᠳᠡᠮ ᠮᠡᠳᠡᠯᠭᠡ ᠶᠢ ᠡᠵᠡᠮᠰᠢᠵᠦ᠂ ᠤᠳᠤᠬᠠᠨ ᠤ ᠮᠡᠳᠡᠯᠭᠡ ᠴᠢᠳᠠᠪᠤᠷᠢ ᠶᠢᠨ ᠬᠤᠷᠴᠠ ᠰᠢᠷᠦᠬᠦᠨ ᠦᠷᠢᠰᠦᠯᠳᠦᠭᠡᠨ ᠳᠤᠮᠳᠠ ᠵᠤᠷᠢᠭ ᠲᠠᠢ ᠤᠷᠤᠭᠰᠢᠯᠠᠶ᠎ᠠ᠃

ᠢᠷᠡᠯᠲᠡ᠄      ᠨᠠᠶᠢᠷᠠᠭᠤᠯᠤᠭᠴᠢ᠄