home
home

    ᠶᠠᠳᠠᠷᠠᠭ᠎ᠠ ᠳᠠᠶᠢᠯᠬᠤ ᠠᠷᠭ᠎ᠠ

2016-08-28  18:10

 

003(35)

1᠂ ᠭᠠ ᠢᠳᠡᠬᠦ᠃ ᠳᠦᠬᠦᠬᠡᠢ ᠭᠠ ᠶᠢᠨ ᠭᠠᠰᠢᠭᠤᠨ ᠠᠮᠳᠠ ᠨᠢ ᠬᠦᠮᠦᠨ ᠤ ᠪᠡᠶ᠎ᠠ ᠳᠤᠳᠤᠷ᠎ᠠ ᠬᠠᠯᠠᠭᠤᠨ ᠤᠷᠬᠢᠭᠤᠯᠵᠤ᠂ ᠡᠪᠡᠳᠴᠢᠨ ᠢ ᠰᠡᠷᠬᠡᠶᠢᠯᠡᠬᠦ ᠴᠢᠳᠠᠪᠤᠷᠢ ᠶᠢ ᠳᠡᠬᠡᠭᠰᠢᠯᠡᠬᠦᠯᠦᠨ᠎ᠠ᠃ ᠳᠠᠯᠬᠠᠳᠠᠭᠰᠠᠨ ᠭᠠ ᠪᠤᠶᠤ ᠳᠦᠬᠦᠬᠡᠢ ᠭᠠ ᠪᠦᠷ ᠬᠤᠤᠷ ᠢ ᠳᠠᠶᠢᠯᠵᠤ ᠤᠷᠮ᠎ᠠ ᠶᠢ ᠰᠡᠷᠬᠦᠬᠡᠬᠦ ᠪᠠ ᠶᠠᠳᠠᠷᠠᠭ᠎ᠠ ᠶᠢ ᠳᠠᠶᠢᠯᠬᠤ ᠦᠢᠯᠡᠳᠤᠯ ᠲᠠᠢ᠃ 2᠂ ᠰᠢᠬᠢᠷ ᠯᠤᠤᠪᠠᠩ ᠢᠳᠡᠬᠦ᠃ ᠦᠷᠬᠦᠯᠵᠢ ᠶᠠᠳᠠᠷᠠᠳᠠᠭ ᠬᠦᠮᠦᠨ ᠤ ᠴᠢᠰᠤᠨ ᠳᠤᠨᠢ ᠳᠡᠮᠦᠷ ᠳᠤᠳᠠᠭᠳᠠᠭᠰᠠᠨ ᠠᠴᠠ ᠪᠤᠯᠵᠤ ᠪᠤᠢ᠃ ᠬᠤᠯᠤᠤᠪᠠᠩ ᠪᠠ ᠰᠢᠬᠢᠷ ᠯᠤᠤᠪᠠᠩ ᠵᠡᠷᠬᠡ ᠢᠳᠡᠰᠢᠨ ᠤᠭᠤᠭᠠᠨ ᠳᠤ ᠳᠡᠮᠦᠷ ᠡᠯᠪᠡᠭ ᠠᠭᠤᠯᠤᠭᠳᠠᠵᠤ ᠪᠠᠶᠢᠭ᠎ᠠ ᠪᠦᠬᠡᠳ ᠬᠦᠮᠦᠨ ᠤ ᠪᠡᠶ᠎ᠠ ᠳᠤ ᠠᠮᠠᠷᠬᠠᠨ ᠰᠢᠩᠬᠡᠳᠡᠭ᠃ 3᠂ ᠮᠦᠬᠦ ᠢᠳᠡᠵᠤ ᠨᠠᠷᠠᠨ ᠳᠤ ᠡᠬᠡᠬᠡᠬᠦ ᠶᠢ ᠤᠷᠤᠯᠠᠭᠤᠯᠬᠤ᠃ 200 ᠭᠷᠠᠮ ᠮᠦᠬᠦ ᠶᠢᠨ ᠬᠦᠮᠦᠨ ᠤ ᠪᠡᠶ᠎ᠠ ᠳᠤ ᠦᠵᠡᠬᠦᠯᠬᠦ ᠨᠦᠯᠦᠬᠡ ᠨᠢ ᠬᠤᠶᠠᠷ ᠡᠳᠦᠷ ᠨᠠᠷᠠᠨ ᠳᠤ ᠡᠬᠡᠬᠡᠭᠰᠡᠨ ᠲᠠᠢ ᠳᠡᠩᠴᠡᠨ᠎ᠠ᠃ ᠮᠦᠬᠦᠨ ᠳᠤ ᠸᠢᠲ᠋ᠠᠮᠢᠨ D ᠡᠯᠪᠡᠭ ᠠᠭᠤᠯᠤᠭᠳᠠᠵᠤ ᠪᠠᠶᠢᠭ᠎ᠠ ᠪᠤᠯᠬᠤᠷ ᠦᠷᠬᠦᠯᠵᠢ ᠢᠳᠡᠪᠠᠯ ᠶᠠᠳᠠᠷᠠᠭ᠎ᠠ ᠳᠠᠶᠢᠯᠬᠤ ᠦᠢᠯᠡᠳᠤᠯ ᠲᠠᠢ᠃ 4᠂ ᠪᠡᠳᠷᠠᠰᠢ ᠶᠢᠨ ᠰᠢᠬᠢᠷ ᠲᠠᠢ ᠬᠠᠯᠠᠭᠤᠨ ᠦᠨᠢᠶᠡᠨ ᠰᠦ ᠤᠤᠭᠤᠬᠤ᠃ ᠬᠠᠯᠠᠭᠠᠭᠰᠠᠨ ᠦᠨᠢᠶᠡᠨ ᠰᠦ ᠳᠡᠭᠡᠨ ᠨᠢᠬᠡ ᠬᠡᠰᠡᠭ ᠪᠡᠳᠷᠠᠰᠢ ᠶᠢᠨ ᠰᠢᠬᠢᠷ ᠬᠢᠵᠤ ᠤᠤᠭᠤᠪᠠᠯ ᠴᠢᠰᠤᠨ ᠤ ᠡᠷᠬᠢᠯᠳᠠ ᠳᠤ ᠳᠤᠰᠠᠳᠠᠢ᠃ ᠦᠨᠢᠶᠡᠨ ᠰᠦ ᠳᠤ ᠺᠠᠯᠼ ᠡᠯᠪᠡᠭ ᠪᠠᠶᠢᠳᠠᠭ ᠠᠴᠠ ᠮᠡᠳᠡᠷᠡᠯ ᠤᠨ ᠰᠢᠰᠲ᠋ᠧᠮ ᠳᠤ ᠹᠢᠽᠢᠦᠯᠤᠬᠢ ᠶᠢᠨ ᠦᠢᠯᠡᠳᠤᠯ ᠦᠵᠡᠬᠦᠯᠳᠡᠭ ᠳᠤᠯᠠ ᠶᠠᠳᠠᠷᠠᠭᠰᠠᠨ ᠦᠶ᠎ᠠ ᠳᠤ ᠨᠢᠬᠡ ᠴᠤᠮᠤ ᠪᠠᠳᠷᠠᠰᠢ  ᠶᠢᠨ ᠰᠢᠬᠢᠷ ᠲᠠᠢ ᠦᠨᠢᠶᠡᠨ ᠰᠦ ᠤᠤᠭᠤᠪᠠᠯ ᠳᠡᠷᠡ ᠳᠤᠤᠷ᠎ᠠ ᠪᠠᠨ ᠰᠡᠳᠬᠢᠯ ᠰᠠᠨᠠᠭ᠎ᠠ ᠰᠡᠷᠬᠦᠵᠤ ᠠᠩᠬᠠᠷᠤᠯ ᠳᠦᠪᠯᠡᠷᠡᠨ᠎ᠠ᠃ 5᠂ ᠬᠠᠳᠠᠭᠠᠨᠠᠳᠠᠯ᠎ᠠ ᠢᠨᠢᠶᠡᠬᠦ᠃ ᠬᠦᠮᠦᠨ ᠶᠡᠭᠡ ᠳᠠᠭᠤ ᠪᠠᠷ ᠬᠠᠳᠠᠭᠠᠨᠠᠳᠠᠯ᠎ᠠ ᠢᠨᠢᠶᠡᠪᠠᠯ ᠪᠡᠶ᠎ᠠ ᠶᠢᠨ 80 ᠭᠠᠷᠤᠢ ᠬᠡᠰᠡᠭ ᠪᠤᠯᠴᠢᠩ ᠲᠠᠭᠠᠨ ᠬᠦᠳᠡᠯᠬᠦ ᠪᠦᠬᠡᠳ ᠵᠤᠯ ᠵᠢᠷᠭᠠᠯ ᠤᠨ ᠬᠤᠷᠮᠠᠨ ᠡᠬᠦᠰᠬᠡᠳᠡᠭ ᠪᠤᠯᠬᠤᠷ ᠨᠢᠬᠡ ᠮᠢᠨᠦ᠋ᠲ ᠬᠠᠳᠠᠭᠠᠨᠠᠳᠠᠯ᠎ᠠ ᠢᠨᠢᠶᠡᠬᠦ ᠶᠢᠨ ᠦᠢᠯᠡᠳᠤᠯ ᠨᠢ 45 ᠮᠢᠨᠦ᠋ᠲ ᠪᠡᠶ᠎ᠠ ᠶᠢᠨ ᠪᠤᠯᠪᠠᠰᠤᠷᠠᠯ ᠬᠢᠭᠰᠡᠨ ᠲᠠᠢ ᠳᠡᠩᠴᠡᠨ᠂ ᠶᠠᠳᠠᠷᠠᠭ᠎ᠠ ᠳᠠᠶᠢᠯᠳᠠᠭ᠃ 6᠂ ᠭᠠᠷ ᠤᠨ ᠬᠦᠳᠡᠯᠬᠡᠬᠡᠨ ᠬᠢᠬᠦ᠃ ᠬᠤᠶᠠᠷ ᠭᠠᠷ ᠤᠨ ᠬᠤᠷᠤᠭᠤ ᠪᠠᠨ ᠰᠤᠯᠪᠢᠴᠠᠭᠤᠯᠤᠨ ᠬᠠᠯᠠᠭᠤ ᠤᠷᠤᠳᠠᠯ᠎ᠠ ᠱᠦᠷᠬᠦᠬᠡᠪᠠᠯ ᠭᠠᠷ ᠤᠨ ᠠᠯᠠᠭᠠᠨ ᠤ ᠮᠡᠳᠡᠷᠡᠯ ᠤᠨ ᠰᠤᠳᠠᠰᠤᠨ ᠳᠤ ᠰᠡᠳᠡᠯᠲᠠ ᠦᠭᠴᠦ ᠶᠠᠳᠠᠷᠠᠭ᠎ᠠ ᠳᠠᠶᠢᠯᠬᠤ ᠦᠢᠯᠡᠳᠤᠯ ᠦᠵᠡᠬᠦᠯᠦᠨ᠎ᠠ᠃ 7᠂ ᠬᠤᠶᠠᠷ ᠭᠠᠷ ᠤᠨ ᠳᠤᠬᠤᠢ ᠠᠴᠠ ᠳᠤᠷᠤᠭᠰᠢ ᠬᠡᠰᠡᠭ ᠢᠶᠠᠨ ᠡᠬᠡᠯᠵᠢᠯᠡᠨ ᠬᠦᠢᠳᠡᠨ ᠤᠰᠤᠨ ᠳᠤ ᠳᠦᠷᠢᠨ ᠰᠠᠵᠢᠵᠤ ᠬᠠᠳᠠᠭᠠᠪᠠᠯ ᠶᠠᠳᠠᠷᠠᠭ᠎ᠠ ᠳᠠᠶᠢᠯᠬᠤ ᠦᠢᠯᠡᠳᠤᠯ ᠲᠠᠢ᠃

ᠢᠷᠡᠯᠲᠡ᠄      ᠨᠠᠶᠢᠷᠠᠭᠤᠯᠤᠭᠴᠢ᠄