home
home

    ᠢᠨᠢᠶᠡᠬᠦ ᠶᠢᠨ ᠬᠦᠮᠦᠰ ᠲᠤ ᠠᠪᠴᠢᠷᠠᠨ ᠦᠭᠬᠦ 7 ᠵᠦᠢᠯ ᠤᠨ ᠴᠢᠳᠠᠮᠵᠢ

2016-08-28  18:19

07(15)

ᠢᠨᠢᠶᠡᠬᠦ ᠨᠢ ᠬᠦᠮᠦᠰ ᠤᠨ ᠰᠡᠳᠬᠢᠯ ᠤᠨ ᠢᠯᠡᠷᠡᠯ ᠪᠣᠯᠬᠤ ᠪᠠᠷ ᠪᠠᠷᠠᠬᠤ ᠦᠭᠡᠢ᠂ ᠢᠨᠢᠶᠡᠬᠦ ᠨᠢ ᠪᠠᠰᠠ ᠮᠠᠨ ᠳᠤ ᠳᠣᠣᠷᠠᠬᠢ ᠮᠡᠳᠦ  ᠶᠢᠨ ᠬᠦᠮᠦᠰ ᠢ ᠰᠣᠴᠢᠭᠠᠮ᠎ᠠ ᠴᠢᠳᠠᠮᠵᠢ ᠶᠢ ᠠᠪᠴᠢᠷᠠᠨ ᠦᠭᠬᠦ ᠪᠣᠯᠣᠨ᠎ᠠ! ᠢᠨᠢᠶᠡᠬᠦ ᠪᠣᠯ ᠬᠦᠮᠦᠨ ᠤ ᠲᠦᠷᠦᠯᠬᠢ ᠶᠢᠨ ᠴᠢᠳᠠᠪᠣᠷᠢ ᠪᠣᠯᠣᠨ᠎ᠠ 《ᠢᠨᠢᠶᠡᠬᠦ ᠨᠢ ᠳᠣᠩ ᠳᠦᠭᠦᠮᠭᠡᠨ ᠶᠠᠪᠣᠳᠠᠯ᠂ ᠳᠡᠷᠡ ᠨᠢ ᠬᠦᠮᠦᠨ ᠲᠦᠷᠦᠯᠬᠢᠳᠡᠨ ᠤ ᠡᠨᠡ ᠶᠢᠷᠳᠢᠨᠴᠦ ᠳᠤ ᠮᠡᠨᠳᠦᠯᠡᠮᠡᠭᠴᠡ ᠪᠠᠶᠢᠬᠤ ᠴᠢᠳᠠᠪᠣᠷᠢ ᠪᠣᠯᠣᠨ᠎ᠠ᠃ ᠢᠨᠢᠶᠡᠬᠦ ᠨᠢ ᠮᠦᠨ ᠴᠦ ᠳᠣᠩ ᠪᠣᠳᠣᠯᠢᠶᠠᠨ ᠲᠠᠢ ᠶᠠᠪᠣᠳᠠᠯ᠂ ᠳᠡᠭᠦᠨ ᠳᠤ ᠬᠦᠮᠦᠰ ᠤᠨ ᠶᠡᠷᠦ ᠠᠴᠠ ᠰᠣᠨᠣᠰᠴᠣ ᠦᠩᠭᠡᠷᠡᠭᠰᠡᠨ ᠦᠭᠡᠢ ᠮᠠᠰᠢ ᠣᠯᠠᠨ ᠮᠡᠳᠡᠯᠭᠡ ᠬᠠᠳᠠᠭᠠᠯᠠᠭᠳᠠᠵᠣ ᠪᠣᠢ᠃》 ᠋ ᠠᠮᠧᠷᠢᠺᠠ ᠶᠢᠨ ᠰᠡᠳᠬᠢᠴᠡ ᠶᠢᠨ ᠣᠬᠠᠭᠠᠨᠳᠠᠨ ᠰᠲ᠋ᠢᠹ · ᠸᠢᠷᠰᠧᠨ ᠪᠣᠯ 《ᠳᠡᠯᠡᠬᠡᠢ ᠶᠢᠨ ᠪᠠᠶᠠᠰᠣᠩᠭᠤᠢ ᠠᠶᠠᠯᠠᠯ》 ᠋ ᠤᠨ ᠵᠣᠬᠢᠶᠠᠨ ᠪᠠᠶᠢᠭᠤᠯᠣᠯᠳᠠ ᠶᠢ ᠡᠭᠦᠰᠭᠡᠨ ᠪᠠᠶᠢᠭᠤᠯᠣᠭᠴᠢ ᠪᠣᠯᠣᠨ᠎ᠠ᠂ ᠳᠡᠷᠡᠪᠡᠷ ᠢᠨᠢᠶᠡᠬᠦ ᠶᠢ ᠣᠯᠠᠨ ᠵᠢᠯ ᠰᠣᠳᠣᠯᠵᠣ᠂ ᠬᠦᠮᠦᠰ ᠢ ᠬᠠᠳᠠᠭᠠᠨᠠᠳᠠᠯ᠎ᠠ ᠢᠨᠢᠶᠡᠵᠦ ᠪᠠᠶᠢᠭᠠᠷᠠᠢ ᠭᠡᠵᠦ ᠣᠷᠢᠶᠠᠯᠠᠭᠰᠠᠨ ᠪᠠᠶᠢᠨ᠎ᠠ᠃ ᠬᠠᠮᠳᠣ ᠳᠤ ᠨᠢ᠂ ᠳᠡᠷᠡ ᠪᠠᠰᠠ ᠬᠠᠮᠳᠣ ᠠᠵᠢᠯᠯᠠᠭᠰᠠᠳ ᠲᠠᠢ ᠪᠠᠨ ᠬᠠᠮᠳᠣ ᠪᠠᠷ ᠮᠠᠰᠢ ᠣᠯᠠᠨ 《ᠢᠨᠢᠶᠡᠬᠦ》 ᠋ ᠲᠠᠢ ᠬᠠᠮᠢᠶ᠎ᠠ  ᠲᠠᠢ ᠰᠢᠨᠵᠢᠯᠡᠬᠦ ᠣᠬᠠᠭᠠᠨ ᠤ ᠰᠣᠨᠢᠨ ᠰᠣᠨᠣᠰᠬᠠᠯ ᠢ ᠢᠯᠡᠷᠡᠭᠦᠯᠦᠭᠰᠡᠨ ᠪᠠᠶᠢᠨ᠎ᠠ᠃ ᠢᠨᠢᠶᠡᠬᠦ ᠨᠢ 53 ᠬᠡᠰᠡᠭ ᠪᠣᠯᠴᠢᠩ ᠢ ᠳᠠᠶᠢᠴᠢᠯᠠᠵᠣ ᠳᠡᠶᠢᠯᠦᠨ᠎ᠡ᠃ ᠬᠦᠮᠦᠨ ᠤ ᠨᠢᠭᠤᠷ ᠤᠨ ᠢᠯᠡᠷᠡᠯ ᠤᠨ ᠪᠣᠯᠴᠢᠩ 44 ᠬᠡᠰᠡᠭ ᠪᠠᠶᠢᠵᠣ᠂ ᠴᠢᠰᠣᠨ ᠰᠣᠳᠠᠯ᠂ ᠠᠷᠤᠭ ᠶᠠᠰᠣ ᠶᠢᠨ ᠬᠠᠮᠵᠢᠯᠴᠠᠭ᠎ᠠ ᠪᠠᠷ ᠳᠠᠮᠵᠢᠭᠤᠯᠣᠨ᠂ ᠨᠡᠶᠢᠳᠡ 5000 ᠭᠠᠷᠣᠢ ᠰᠡᠳᠬᠢᠯᠭᠡ ᠭᠠᠷᠭᠠᠵᠣ ᠳᠡᠶᠢᠯᠳᠡᠭ᠃ ᠡᠭᠦᠨ ᠳᠤ ᠡᠯ᠎ᠡ ᠵᠦᠢᠯ ᠤᠨ ᠠᠳᠠᠯᠢ ᠪᠣᠰᠣ ᠢᠨᠢᠶᠡᠳᠦ 19 ᠵᠦᠢᠯ ᠪᠠᠶᠢᠵᠣ᠂ ᠢᠨᠢᠶᠡᠳᠦ ᠪᠦᠷᠢ ᠨᠢ ᠪᠦᠷ ᠨᠢᠭᠤᠷ ᠤᠨ ᠬᠡᠰᠡᠭ ᠤᠨ ᠠᠳᠠᠯᠢ ᠪᠣᠰᠣ ᠪᠣᠯᠴᠢᠩ ᠤᠨ ᠬᠠᠮᠳᠣᠯᠢᠭ ᠢ ᠬᠦᠳᠡᠯᠭᠡᠵᠦ᠂ ᠵᠠᠷᠢᠮ ᠳᠤ ᠪᠠᠨ 53 ᠬᠡᠰᠡᠭ ᠪᠣᠯᠴᠢᠩ ᠢ ᠬᠦᠳᠡᠯᠭᠡᠵᠦ᠂ ᠬᠠᠶᠠ ᠵᠠᠷᠢᠮ ᠳᠤ ᠪᠠᠨ ᠵᠦᠪᠬᠡᠨ 5 ᠬᠡᠰᠡᠭ ᠪᠣᠯᠴᠢᠩ ᠢ ᠯᠠ ᠬᠦᠳᠡᠯᠭᠡᠳᠡᠭ᠃ ᠢᠨᠢᠶᠡᠳᠦ ᠶᠢ ᠬᠤᠶᠠᠷ ᠲᠦᠷᠦᠯ ᠳᠤ ᠬᠤᠪᠢᠶᠠᠨ᠎ᠠ᠃ ᠢᠨᠢᠶᠡᠳᠦ ᠳᠤ ᠬᠡᠳᠦ᠋ᠢᠪᠡᠷ 19 ᠵᠦᠢᠯ ᠪᠠᠶᠢᠳᠠᠭ ᠪᠣᠯᠪᠠᠴᠣ᠂ ᠵᠦᠪᠬᠡᠨ ᠬᠤᠶᠠᠷ ᠲᠦᠷᠦᠯ ᠳᠤ ᠬᠤᠪᠢᠶᠠᠨ᠎ᠠ᠂ ᠨᠢᠭᠡ ᠲᠦᠷᠦᠯ ᠨᠢ ᠨᠡᠶᠢᠭᠡᠮ ᠤᠨ ᠬᠠᠷᠢᠯᠴᠠᠭᠠᠨ ᠤ ᠲᠦᠷᠦᠯ ᠤᠨ ᠶᠣᠰᠣ ᠮᠣᠷᠠᠯ ᠤᠨ ᠰᠢᠨᠵᠢ ᠲᠠᠢ ᠢᠨᠢᠶᠡᠳᠦ ᠪᠣᠯᠣᠨ᠎ᠠ᠂ ᠳᠡᠷᠡ  ᠨᠢ ᠪᠣᠯᠴᠢᠩ ᠢ ᠬᠦᠳᠡᠯᠭᠡᠨ ᠳᠠᠶᠢᠴᠢᠯᠠᠬᠤ ᠨᠢ ᠨᠡᠯᠢᠶᠡᠳ ᠴᠦᠬᠡᠨ ᠪᠠᠶᠢᠳᠠᠭ᠃ ᠨᠦᠭᠦᠭᠡ ᠨᠢᠭᠡ ᠲᠦᠷᠦᠯ ᠨᠢ ᠦᠨᠡᠨ ᠰᠡᠳᠬᠢᠯ ᠤᠨ ᠢᠨᠢᠶᠡᠳᠦ ᠪᠣᠯᠣᠨ᠎ᠠ᠂ ᠳᠡᠷᠡ ᠨᠢ ᠬᠤᠶᠠᠷ ᠲᠦᠭᠦᠰᠢ ᠶᠢᠨ ᠪᠣᠯᠴᠢᠩ ᠲᠠᠢ ᠨᠡᠯᠢᠶᠡᠳ ᠣᠯᠠᠨ ᠬᠤᠯᠪᠣᠭᠳᠠᠳᠠᠭ᠃ ᠢᠨᠢᠶᠡᠬᠦ ᠨᠢ ᠬᠦᠮᠦᠰᠭᠡ ᠠᠳᠣᠷᠢᠬᠤ ᠠᠴᠠ ᠨᠡᠩ ᠠᠮᠠᠷᠬᠠᠨ ᠪᠠᠶᠢᠳᠠᠭ᠃ ᠬᠦᠮᠦᠰᠭᠡ ᠠᠳᠣᠷᠢᠬᠤ ᠲᠠᠢ ᠬᠠᠷᠢᠴᠠᠭᠤᠯᠵᠣ ᠬᠡᠯᠡᠪᠡᠯ᠂ ᠨᠢᠭᠤᠷ ᠤᠨ ᠬᠡᠰᠡᠭ ᠲᠤ ᠢᠨᠢᠶᠡᠳᠦ ᠢᠯᠡᠷᠡᠭᠦᠯᠬᠦ ᠦᠶ᠎ᠡ ᠳᠤ ᠳᠠᠶᠢᠴᠢᠯᠠᠨ ᠬᠦᠳᠡᠯᠭᠡᠬᠦ ᠪᠣᠯᠴᠢᠩ ᠤᠨ ᠳᠤᠭ᠎ᠠ ᠬᠡᠮᠵᠢᠶ᠎ᠡ ᠨᠡᠩ ᠴᠦᠬᠡᠨ᠂ ᠬᠡᠷᠡᠭᠯᠡᠬᠦ ᠬᠦᠴᠦ ᠨᠢ ᠴᠦ ᠪᠠᠭ᠎ᠠ ᠰᠢᠭ᠋ ᠪᠠᠶᠢᠳᠠᠭ᠃ ᠢᠨᠢᠶᠡᠬᠦ ᠭᠡᠵᠦ ᠡᠶᠢᠮᠦ ᠠᠮᠠᠷᠬᠠᠨ ᠶᠠᠪᠣᠳᠠᠯ ᠪᠠᠶᠢᠳᠠᠯ᠎ᠠ᠂ ᠶᠠᠭᠠᠬᠢᠭᠠᠳ ᠢᠯᠡᠭᠦᠬᠡᠨ ᠰᠢᠭ ᠰᠡᠳᠬᠢᠯ ᠢᠶᠠᠨ ᠠᠭᠤᠵᠢᠷᠠᠳᠠᠯ᠎ᠠ ᠢᠨᠢᠶᠡᠬᠦ ᠦᠭᠡᠢ ᠪᠣᠢ⁈ ᠢᠨᠢᠶᠡᠬᠦ ᠨᠢ ᠣᠨᠴᠠ ᠦᠷ᠎ᠠ ᠪᠦᠳᠦᠮᠵᠢ ᠲᠠᠢ ᠡᠪᠡᠳᠬᠦ ᠶᠢ ᠵᠣᠭᠰᠣᠭᠠᠬᠤ ᠡᠮ ᠪᠣᠯᠣᠨ᠎ᠠ ᠰᠣᠳᠣᠯᠭᠠᠨ ᠳᠤ ᠢᠯᠡᠷᠡᠭᠦᠯᠦᠭᠰᠡᠨ ᠨᠢ᠂ ᠢᠨᠢᠶᠡᠬᠦ ᠨᠢ ᠬᠠᠮᠤᠭ ᠤᠨ ᠪᠠᠶᠢᠭᠠᠯᠢᠯᠢᠭ᠂ ᠬᠠᠮᠤᠭ ᠠᠴᠠ ᠭᠠᠵᠢᠭᠤ ᠦᠢᠯᠡᠳᠦᠯ ᠦᠭᠡᠢ ᠡᠪᠡᠳᠬᠦ ᠶᠢ ᠵᠣᠭᠰᠣᠭᠠᠬᠤ ᠡᠮ ᠪᠣᠯᠣᠨ᠎ᠠ᠃ ᠳᠠ ᠢᠨᠢᠶᠡᠬᠦ ᠦᠶ᠎ᠡ ᠳᠤ᠂ ᠳᠠᠷᠢᠬᠢᠨ ᠳᠣᠳᠣᠷᠠᠬᠢ ᠪᠠᠶᠠᠰᠣᠯ ᠤᠨ ᠬᠤᠷᠮᠣᠨ ᠴᠢᠨᠢ ᠳᠠᠯᠪᠢᠭᠳᠠᠬᠤ ᠪᠣᠯᠣᠨ᠎ᠠ᠂ ᠪᠠᠶᠠᠰᠣᠯ ᠤᠨ ᠬᠤᠷᠮᠣᠨ ᠨᠢ ᠬᠠᠮᠤᠭ ᠤᠨ ᠦᠷ᠎ᠡ ᠪᠦᠳᠦᠮᠵᠢ ᠲᠠᠢ ᠡᠪᠡᠳᠬᠦ ᠶᠢ ᠵᠣᠭᠰᠣᠭᠠᠬᠤ ᠬᠢᠮᠢ ᠶᠢᠨ ᠪᠣᠳᠠᠰ ᠪᠠᠶᠢᠵᠣ᠂ ᠪᠡᠶ᠎ᠡ ᠳᠣᠳᠣᠷᠠᠬᠢ ᠡᠯ᠎ᠡ ᠵᠦᠢᠯ ᠤᠨ ᠡᠪᠡᠷᠰᠢᠶᠡᠯ ᠵᠣᠪᠠᠨᠢᠯ ᠢ ᠨᠠᠮᠳᠠᠭᠤᠯᠳᠠᠭ᠂ ᠡᠶᠢᠮᠦ ᠠᠴᠠ ᠬᠡᠷᠡᠬᠦ ᠡᠪᠡᠳᠴᠢᠨ᠂ ᠦᠶ᠎ᠡ ᠭᠡᠰᠢᠭᠦᠦ ᠶᠢᠨ ᠦᠷᠪᠢᠰᠦᠯ ᠳᠤ ᠨᠡᠷᠪᠡᠭᠳᠡᠭᠰᠡᠨ ᠬᠦᠮᠦᠨ ᠴᠦ᠂ ᠦᠷᠬᠦᠯᠵᠢ ᠢᠨᠢᠶᠡᠵᠦ᠂ ᠡᠪᠡᠳᠴᠢᠨ ᠤ ᠪᠠᠶᠢᠳᠠᠯ ᠢᠶᠠᠨ ᠪᠠᠭᠤᠷᠠᠭᠤᠯᠵᠣ ᠪᠣᠯᠣᠨ᠎ᠠ᠃ ᠪᠡᠶ᠎ᠡ ᠶᠢᠨ ᠺᠠᠯᠣᠷᠢ ᠶᠢ ᠴᠢᠨᠢ ᠬᠤᠷᠣᠭᠠᠵᠣ᠂ ᠳᠠᠨ ᠢ ᠬᠠᠪᠰᠣᠷᠣᠨ ᠮᠠᠷᠢᠶ᠎ᠠ ᠰᠢᠭᠤᠷᠠᠭᠤᠯᠬᠤ ᠪᠣᠯᠣᠨ᠎ᠠ ᠶᠡᠭᠡ ᠪᠠᠷ ᠢᠨᠢᠶᠡᠬᠦ ᠨᠢ ᠪᠡᠶ᠎ᠡ ᠶᠢᠨ ᠲᠦᠯᠦᠪ ᠪᠠᠶᠢᠳᠠᠯ ᠢᠶᠠᠨ ᠪᠠᠳᠣᠯᠠᠬᠤ ᠬᠠᠮᠤᠭ ᠤᠨ ᠰᠠᠶᠢᠨ ᠠᠷᠭ᠎ᠠ ᠪᠣᠯᠣᠨ᠎ᠠ᠃ ᠭᠧᠷᠮᠠᠨ ᠤ ᠰᠣᠳᠣᠯᠭᠠᠳᠠᠳ ᠢᠯᠡᠷᠡᠭᠦᠯᠦᠭᠰᠡᠨ ᠨᠢ᠂ 10 — 15 ᠮᠢᠨᠦ᠋ᠲ ᠶᠡᠭᠡ ᠪᠠᠷ ᠢᠨᠢᠶᠡᠬᠦ ᠨᠢ ᠡᠨᠧᠷᠬᠢ ᠶᠢᠨ ᠬᠤᠷᠣᠭᠳᠠᠯ ᠢ ᠨᠡᠮᠡᠭᠳᠡᠭᠦᠯᠵᠦ᠂ ᠬᠦᠮᠦᠨ ᠤ ᠵᠢᠷᠦᠬᠡᠨ ᠴᠣᠬᠢᠯᠠᠭ᠎ᠠ ᠶᠢ ᠲᠦᠷᠭᠡᠳᠭᠡᠵᠦ᠂ ᠵᠣᠬᠢᠬᠤ ᠬᠡᠮᠵᠢᠶᠡᠨ ᠤ ᠺᠠᠯᠣᠷᠢ ᠶᠢ ᠰᠢᠳᠠᠭᠠᠬᠤ ᠪᠣᠯᠣᠨ᠎ᠠ᠃ ᠡᠪᠡᠳᠴᠢᠨ ᠦᠯᠦ ᠬᠠᠯᠳᠠᠭᠠᠬᠤ ᠴᠢᠳᠠᠪᠣᠷᠢ ᠶᠢ ᠨᠡᠮᠡᠭᠳᠡᠭᠦᠯᠬᠦ ᠪᠣᠯᠣᠨ᠎ᠠ ᠢᠨᠢᠶᠡᠬᠦ ᠨᠢ ᠪᠡᠶ᠎ᠡ ᠳᠣᠳᠣᠷᠠᠬᠢ ᠴᠢᠰᠣᠨ ᠤ ᠴᠠᠭᠠᠨ ᠴᠣᠭᠴᠠ ᠶᠢ ᠨᠡᠮᠡᠭᠳᠡᠭᠦᠯᠵᠦ᠂ ᠪᠡᠶ᠎ᠡ ᠶᠢᠨ ᠳᠣᠳᠣᠷᠠᠬᠢ ᠳᠠᠭᠠᠭᠠᠭᠴᠢ ᠶᠢᠨ ᠡᠷᠬᠢᠯᠳᠡ ᠶᠢ ᠠᠬᠢᠭᠤᠯᠬᠤ ᠪᠣᠯᠣᠨ᠎ᠠ᠂ ᠡᠳᠡᠭᠡᠷ ᠨᠢ ᠴᠦᠮ ᠡᠪᠡᠳᠴᠢᠨ ᠦᠯᠦ ᠬᠠᠯᠳᠠᠭᠠᠬᠤ ᠴᠢᠳᠠᠪᠣᠷᠢ ᠶᠢ ᠳᠡᠭᠡᠭᠰᠢᠯᠡᠭᠦᠯᠵᠦ᠂ ᠡᠪᠡᠳᠴᠢᠨ ᠤ ᠪᠠᠺᠲ᠋ᠧᠷᠢ ᠲᠠᠢ ᠡᠰᠡᠷᠭᠦᠴᠡᠯᠳᠦᠭᠦᠯᠬᠦ ᠪᠣᠯᠣᠨ᠎ᠠ᠃ ᠡᠬᠦᠨ ᠠᠴᠠ ᠭᠠᠳᠠᠨ᠎ᠠ᠂ ᠢᠨᠢᠶᠡᠬᠦ ᠨᠢ ᠪᠠᠰᠠ ᠴᠢᠰᠣᠨ ᠤ ᠡᠷᠭᠢᠯᠳᠡ ᠳᠤ ᠴᠦ ᠠᠰᠢᠭ ᠲᠠᠢ ᠪᠠᠶᠢᠵᠣ᠂ ᠰᠢᠨ᠎ᠡ ᠬᠠᠭᠤᠴᠢᠨ ᠤ ᠰᠣᠯᠢᠭᠳᠠᠯ ᠢ ᠲᠦᠷᠭᠡᠳᠭᠡᠵᠦ᠂ ᠬᠦᠮᠦᠰ ᠲᠤ ᠳᠣᠩ ᠠᠮᠢᠳᠣ ᠴᠣᠪᠣᠭᠤᠯᠢᠭ ᠰᠠᠭᠤᠭᠳᠠᠯ ᠦᠭᠬᠦ ᠪᠣᠯᠣᠨ᠎ᠠ᠃ ᠵᠢᠷᠦᠬᠡ ᠶᠢ ᠨᠡᠩ ᠬᠦᠳᠡᠷ ᠴᠢᠬᠢᠷᠠᠭ ᠪᠣᠯᠭᠠᠬᠤ ᠪᠣᠯᠣᠨ᠎ᠠ ᠰᠣᠳᠣᠯᠭᠠᠨ ᠳᠤ ᠢᠯᠡᠷᠡᠭᠦᠯᠦᠭᠰᠡᠨ ᠨᠢ᠂ ᠬᠤᠱᠣᠩ ᠶᠦᠮᠦᠷᠯᠢᠭ᠂ ᠪᠣᠰᠣᠳ ᠲᠠᠢ ᠢᠨᠢᠶᠡᠳᠦᠮ ᠱᠤᠭ ᠭᠠᠷᠭᠠᠬᠤ ᠳᠣᠷ᠎ᠠ ᠲᠠᠢ ᠬᠦᠮᠦᠨ ᠤ ᠵᠢᠷᠦᠬᠡ ᠴᠢᠰᠣᠨ ᠰᠣᠳᠠᠯ ᠤᠨ ᠡᠪᠡᠳᠴᠢᠨ ᠳᠤ ᠨᠡᠷᠪᠡᠭᠳᠡᠬᠦ ᠨᠣᠷᠮ᠎ᠠ ᠨᠢ ᠨᠡᠯᠶᠡᠳ ᠳᠣᠣᠷ᠎ᠠ ᠪᠠᠶᠢᠳᠠᠭ᠃ ᠢᠨᠢᠶᠡᠬᠦ ᠨᠢ ᠴᠢᠰᠣᠨ ᠤ ᠡᠷᠭᠢᠯᠳᠡ ᠶᠢ ᠨᠡᠩ ᠰᠠᠶᠢᠨ ᠪᠣᠯᠭᠠᠬᠤ ᠪᠣᠯᠬᠤᠷ᠂ ᠴᠢᠰᠣᠨ ᠤ ᠭᠦᠢᠯᠭᠡᠭᠡᠨ ᠤ ᠶᠠᠪᠣᠴᠠ ᠳᠤ ᠬᠤᠣᠷ᠎ᠠ  ᠲᠠᠢ ᠪᠣᠳᠠᠰ ᠤᠨ ᠬᠤᠷᠠᠮᠳᠣᠬᠤ ᠠᠴᠠ ᠵᠠᠶᠢᠯᠠᠰᠬᠢᠵᠣ᠂ ᠡᠭᠦᠨ ᠤ ᠣᠯᠠᠮ ᠠᠴᠠ ᠴᠢᠰᠣᠨ ᠰᠣᠳᠠᠯ ᠳᠤ ᠬᠢ ᠰᠦᠷᠳᠡᠭᠦᠯᠦᠯ ᠢ ᠪᠠᠭᠠᠰᠬᠠᠵᠣ ᠂ ᠵᠢᠷᠦᠬᠡᠨ ᠡᠪᠡᠳᠴᠢᠨ ᠡᠭᠦᠰᠬᠦ ᠳᠣᠬᠢᠶᠠᠯ ᠢ ᠪᠠᠭᠠᠰᠬᠠᠬᠤ ᠪᠣᠯᠣᠨ᠎ᠠ᠃ ᠢᠨᠢᠶᠡᠬᠦ ᠨᠢ ᠬᠦᠮᠦᠰ ᠢ ᠬᠠᠪᠰᠣᠷᠣᠨ ᠵᠡᠷᠭᠡ ᠳᠡᠪᠰᠢᠭᠦᠯᠬᠦ ᠪᠣᠯᠣᠨ᠎ᠠ ᠢᠨᠢᠶᠡᠮᠰᠦᠭᠯᠡᠬᠦ ᠨᠢ ᠨᠢᠭᠡ ᠬᠦᠮᠦᠨ ᠢ ᠳᠣᠩ ᠰᠢᠳᠢ ᠲᠠᠢ᠂ ᠨᠡᠶᠢᠭᠡᠮ ᠤᠨ ᠬᠠᠷᠢᠯᠴᠠᠭᠠᠨ ᠳᠤ ᠴᠢᠳᠠᠮᠠᠭᠠᠢ᠂ ᠦᠪᠡᠷ ᠤᠨ ᠪᠡᠶ᠎ᠡ ᠳᠤ  ᠪᠠᠨ ᠢᠳᠡᠭᠡᠯ ᠲᠠᠢ ᠪᠣᠯᠭᠠᠬᠤ ᠮᠦᠷᠳᠡᠭᠡᠨ᠂ ᠪᠠᠰᠠ ᠦᠪᠡᠷ ᠪᠢ ᠶᠢᠨ ᠦᠷᠳᠡᠭ ᠤᠨ ᠰᠡᠳᠬᠢᠯᠭᠡ ᠶᠢ ᠨᠢ ᠳᠡᠭᠡᠭᠰᠢᠯᠡᠭᠦᠯᠵᠦ᠂ ᠬᠦᠮᠦᠰ ᠢ ᠬᠠᠪᠰᠣᠷᠣᠨ ᠵᠣᠷᠢᠭ ᠲᠠᠢ ᠪᠠᠷ ᠬᠦᠴᠢᠷ ᠪᠡᠷᠬᠡ ᠶᠢ ᠳᠡᠪᠴᠢᠬᠦᠯᠬᠦ ᠪᠣᠯᠣᠨ᠎ᠠ᠃ ᠢᠨᠢᠶᠡᠬᠦ ᠲᠤᠷ᠎ᠠ ᠲᠠᠢ ᠬᠦᠮᠦᠨ ᠠᠮᠠᠷᠬᠠᠨ ᠵᠡᠷᠭᠡ ᠳᠡᠪᠰᠢᠬᠦ ᠪᠣᠯᠣᠨ᠎ᠠ᠃ ᠳᠠᠷᠣᠯᠳᠠ ᠶᠢ ᠦᠯᠳᠡᠨ ᠶᠠᠪᠣᠭᠤᠯᠣᠨ᠎ᠠ᠂ ᠨᠢᠭᠡ ᠬᠦᠮᠦᠨ ᠶᠡᠭᠡ ᠪᠠᠷ ᠢᠨᠢᠶᠡᠬᠦ ᠦᠶ᠎ᠡ ᠳᠤ᠂ ᠪᠡᠶ᠎ᠡ ᠮᠠᠬᠠᠪᠣᠳ ᠨᠢ ᠳᠡᠷᠡ ᠳᠠᠷᠣᠢ  ᠳᠤ ᠨᠢ ᠮᠠᠭᠤ ᠰᠡᠳᠬᠢᠯᠭᠡ ᠶᠢ ᠨᠢ ᠦᠯᠳᠡᠨ ᠶᠠᠪᠣᠭᠤᠯᠵᠣ᠂ ᠳᠠᠷᠣᠯᠳᠠ ᠶᠢ ᠨᠢ ᠪᠠᠭᠠᠰᠬᠠᠬᠤ ᠪᠣᠯᠣᠨ᠎ᠠ᠃ ᠪᠡᠶ᠎ᠡ ᠪᠠᠨ ᠠᠯᠪᠠᠳᠠᠨ ᠢᠨᠢᠶᠡᠬᠦ ᠨᠢ ᠴᠦ ᠠᠳᠠᠯᠢᠬᠠᠨ ᠦᠷ᠎ᠡ ᠪᠦᠳᠦᠮᠵᠢ ᠲᠠᠢ ᠪᠠᠶᠢᠳᠠᠭ᠃ ᠠᠦ᠋ᠰᠲᠷᠢᠶ᠎ᠠ ᠶᠢᠨ ᠰᠢᠨᠵᠢᠯᠡᠬᠦ ᠣᠬᠠᠭᠠᠨᠳᠠᠨ ᠤ ᠨᠢᠭᠡ ᠬᠤᠪᠢ ᠪᠠᠶᠢᠴᠠᠭᠠᠯᠳᠠ ᠳᠤ ᠢᠯᠡᠷᠡᠭᠦᠯᠦᠭᠰᠡᠨ ᠨᠢ᠂ ᠣᠳᠣ ᠶᠢᠨ ᠬᠦᠮᠦᠨ ᠤ ᠢᠨᠢᠶᠡᠬᠦ ᠨᠢ ᠶᠠᠪᠣᠬᠤ ᠳᠣᠳᠣᠮ ᠢᠶᠠᠨ ᠴᠦᠬᠡᠨ ᠪᠣᠯᠵᠣ ᠪᠠᠶᠢᠨ᠎ᠠ᠃ ᠦᠨᠡᠨ ᠳᠤ ᠪᠠᠨ᠂ ᠪᠠᠶᠢᠩᠭᠤ ᠢᠨᠢᠶᠡᠵᠦ ᠪᠠᠶᠢᠶ᠎ᠠ ᠭᠡᠪᠡᠯ᠂ ᠵᠣᠷᠢᠯᠭ᠎ᠠ ᠲᠠᠢ ᠪᠠᠷ ᠵᠣᠬᠢᠬᠤ ᠬᠡᠮᠵᠢᠶᠡᠨ ᠤ ᠴᠢᠷᠮᠠᠶᠢᠯᠭ᠎ᠠ ᠭᠠᠷᠭᠠᠬᠤ ᠬᠡᠷᠡᠭᠳᠡᠢ᠃ ᠳᠣᠰᠬᠠᠢ ᠮᠡᠷᠭᠡᠵᠢᠯᠳᠡᠳ ᠠᠴᠠ ᠳᠣᠣᠷᠠᠬᠢ ᠳᠠᠳᠬᠠᠯ ᠢ ᠬᠦᠮᠦᠵᠢᠬᠦᠯᠵᠦ ᠪᠣᠯᠣᠨ᠎ᠠ ᠭᠡᠰᠡᠨ ᠰᠠᠨᠠᠭᠤᠯᠭ᠎ᠠ ᠭᠠᠷᠭᠠᠭᠰᠠᠨ ᠪᠠᠶᠢᠨ᠎ᠠ᠄ ᠡᠳᠦᠷ ᠪᠦᠷᠢ ᠶᠢᠨ ᠦᠷᠯᠦᠭᠡ ᠪᠣᠰᠣᠮᠠᠭᠴᠠ ᠪᠠᠨ ᠳᠣᠯᠢ ᠶᠢ ᠡᠰᠡᠷᠭᠦᠯᠡᠵᠦ ᠦᠪᠡᠷ ᠤᠨ ᠪᠡᠶ᠎ᠡ ᠳᠤ ᠪᠠᠨ ᠨᠢᠭᠡ ᠢᠨᠢᠶᠡᠭᠰᠡᠨ ᠲᠦᠷᠢ ᠦᠭᠴᠦ᠂ ᠨᠠᠶᠢᠵᠢ ᠨᠦᠬᠦᠳ᠂ ᠬᠠᠮᠳᠣ ᠠᠵᠢᠯᠯᠠᠭᠰᠠᠳ ᠪᠣᠶᠣ ᠶᠠᠭᠠᠷᠠᠣ ᠰᠠᠨᠲᠤᠷᠤᠤ ᠵᠠᠮ ᠶᠠᠪᠣᠵᠣ ᠪᠠᠶᠢᠭ᠎ᠠ ᠬᠦᠮᠦᠨ ᠲᠠᠢ ᠬᠠᠷᠭᠤᠬᠤ ᠦᠶ᠎ᠡ ᠳᠤ᠂ ᠴᠢᠳᠠᠬᠤ ᠶᠢᠨ ᠳᠣᠳᠣᠷ᠎ᠠ ᠪᠠᠨ ᠳᠡᠳᠡᠨ ᠤ ᠦᠭᠡᠳᠡ ᠠᠴᠠ ᠢᠨᠢᠶᠡᠬᠦ ᠬᠡᠷᠡᠭᠳᠡᠢ᠃ ᠪᠠᠶᠠᠰᠣᠩᠭᠤᠢ ᠦᠵᠡᠯ ᠲᠠᠢ ᠨᠠᠶᠢᠵᠢ ᠨᠦᠬᠦᠳ ᠲᠠᠢ ᠢᠯᠡᠭᠦᠬᠡᠨ ᠳᠠᠨᠢᠯᠴᠠᠨ ᠨᠠᠶᠢᠵᠢᠯᠠᠵᠣ᠂ ᠪᠠᠶᠠᠷᠳᠣ ᠣᠴᠢᠷ ᠳᠣᠬᠢᠶᠠᠯᠳᠣᠪᠠᠯ ᠵᠠᠪᠠᠯ ᠡᠷᠬᠢᠨ ᠳᠣᠭᠤᠷᠢᠨ ᠤ ᠬᠦᠮᠦᠰ ᠲᠠᠢ ᠪᠠᠨ ᠬᠤᠪᠢᠶᠠᠯᠴᠠᠨ ᠡᠳ᠋ᠯᠡᠬᠦ ᠬᠡᠷᠡᠭᠳᠡᠢ᠂ ᠪᠠᠰᠠ ᠪᠣᠰᠣᠳ ᠬᠦᠮᠦᠨ ᠤ ᠪᠠᠶᠠᠷᠳᠣ ᠣᠴᠢᠷ ᠢ ᠬᠦᠯᠢᠴᠡᠩᠭᠦᠢ ᠪᠠᠷ ᠰᠣᠨᠣᠰᠬᠤ ᠬᠡᠷᠡᠭᠳᠡᠢ᠂ ᠣᠴᠢᠷ ᠨᠢ ᠢᠨᠢᠶᠡᠳᠦ ᠴᠦ ᠬᠠᠯᠳᠠᠪᠣᠷᠢᠯᠠᠳᠠᠭ᠃ ᠬᠡᠷᠪᠡ ᠢᠨᠢᠶᠡᠬᠦ ᠳᠣᠷ᠎ᠠ ᠦᠭᠡᠢ ᠪᠣᠯ᠂ ᠢᠨᠢᠶᠡᠳᠦᠮᠳᠦ ᠵᠦᠴᠦᠭᠡ ᠪᠣᠯᠣᠨ ᠬᠤᠱᠣᠩ ᠱᠤᠭ ᠢ ᠦᠵᠡᠵᠦ ᠰᠣᠨᠢᠷᠬᠠᠨ ᠳᠣᠷᠰᠢᠵᠣ ᠪᠣᠯᠣᠨ᠎ᠠ᠂ ᠪᠠᠰᠠ ᠡᠲᠠᠬᠡᠷ ᠦᠯᠢᠭᠡᠷ ᠢᠶᠠᠨ ᠪᠣᠰᠣᠳ ᠬᠦᠮᠦᠨ ᠳᠤ ᠶᠠᠷᠢᠵᠣ ᠦᠭᠬᠦ ᠪᠠᠷ ᠳᠣᠷᠰᠢᠵᠣ ᠴᠦ ᠪᠣᠯᠣᠨ᠎ᠠ᠃ ᠰᠡᠳᠬᠢᠯ ᠰᠠᠨᠠᠭ᠎ᠠ ᠪᠠᠨ ᠠᠭᠤᠵᠢᠭᠤ ᠳᠠᠯᠪᠢᠵᠣ᠂ ᠶᠠᠪᠣᠳᠠᠯ ᠪᠣᠯᠭᠠᠨ ᠣᠴᠢᠷ ᠪᠦᠬᠦᠨ ᠢ ᠰᠠᠶᠢᠨ ᠳᠡᠰᠢ ᠨᠢ ᠪᠣᠳᠣᠬᠤ ᠬᠡᠷᠡᠭᠳᠡᠢ᠃ ᠦᠪᠡᠷ ᠢ ᠪᠠᠨ ᠠᠯᠪᠠᠳᠠᠨ ᠢᠨᠢᠶᠡᠯᠭᠡᠵᠦ ᠪᠠᠶᠢᠪᠠᠯ᠂ ᠠᠯᠭᠤᠷ ᠠᠭᠠᠵᠢᠮ ᠳᠤ ᠪᠠᠨ ᠢᠨᠢᠶᠡᠬᠦ ᠨᠢ ᠨᠢᠭᠡ ᠵᠦᠢᠯ ᠤᠨ ᠳᠠᠳᠬᠠᠯ ᠪᠣᠯᠬᠤ ᠪᠣᠯᠣᠨ᠎ᠠ᠃ ᠳᠣᠮᠳᠠᠳᠣ ᠣᠯᠣᠰ ᠤᠨ ᠬᠢᠳᠡᠳ ᠡᠮ ᠡᠮᠨᠡᠯᠭᠡ ᠶᠢᠨ ᠰᠢᠨᠵᠢᠯᠡᠬᠦ ᠣᠬᠠᠭᠠᠨ ᠤ ᠬᠦᠷᠢᠶᠡᠯᠡᠩ ᠤᠨ ᠫᠷᠦᠫᠧᠰᠰᠦᠷ ᠶᠠᠩ ᠯᠢ᠂ ᠡᠷᠡᠭᠦᠯ ᠬᠠᠮᠠᠭᠠᠯᠠᠯ ᠤᠨ ᠶᠠᠮᠣᠨ ᠤ ᠳᠡᠷᠢᠭᠦᠨ ᠡᠷᠡᠭᠦᠯ ᠴᠢᠬᠢᠷᠠᠭ ᠤᠨ ᠰᠣᠷᠭᠠᠨ ᠬᠦᠮᠦᠵᠢᠯ ᠤᠨ ᠳᠣᠰᠬᠠᠢ ᠮᠡᠷᠭᠡᠵᠢᠯᠳᠡᠨ ᠬᠤᠩ ᠵᠣᠣ ᠭᠤᠸᠠᠩ ᠨᠠᠷ ᠣᠯᠠᠮ ᠨᠢᠭᠡ ᠠᠯᠯᠬᠤᠮ ᠵᠢᠭᠠᠵᠣ ᠭᠠᠷᠭᠠᠭᠰᠠᠨ ᠨᠢ᠂ ᠢᠨᠢᠶᠡᠬᠦ ᠨᠢ ᠴᠦ ᠬᠡᠮᠵᠢᠶ᠎ᠡ ᠲᠠᠢ ᠪᠠᠶᠢᠬᠤ ᠬᠡᠷᠡᠭᠳᠡᠢ᠃ ᠴᠢᠰᠣᠨ ᠳᠠᠷᠣᠯᠳᠠ ᠦᠨᠳᠦᠷ ᠡᠪᠡᠳᠴᠢᠨ ᠲᠠᠢ ᠬᠦᠮᠦᠨ ᠬᠠᠳᠠᠭᠠᠨᠠᠳᠠᠯ᠎ᠠ ᠢᠨᠢᠶᠡᠪᠡᠯ᠂ ᠴᠢᠰᠣᠨ ᠳᠠᠷᠣᠯᠳᠠ ᠨᠢ ᠭᠡᠨᠡᠳᠳᠡ ᠪᠠᠷ ᠳᠡᠭᠡᠭᠰᠢᠯᠡᠵᠦ᠂ ᠳᠠᠷᠢᠬᠢᠨ ᠳᠤ ᠴᠢᠰᠣ ᠬᠠᠷᠪᠣᠬᠤ᠂ ᠳᠠᠷᠢᠬᠢ ᠪᠦᠭᠯᠡᠷᠡᠬᠦ ᠵᠡᠷᠭᠡ ᠡᠪᠡᠳᠴᠢᠨ ᠳᠤ ᠨᠡᠷᠪᠡᠭᠳᠡᠵᠦ ᠮᠡᠳᠡᠨ᠎ᠡ᠃ ᠶᠠᠭ ᠡᠳᠡᠭᠡᠷᠡᠯᠳᠡ ᠶᠢᠨ ᠴᠠᠭ ᠲᠤ ᠪᠠᠨ ᠪᠠᠶᠢᠭ᠎ᠠ ᠡᠪᠡᠳᠴᠢᠳᠡᠨ ᠬᠠᠳᠠᠭᠠᠨᠠᠳᠠᠯ᠎ᠠ ᠢᠨᠢᠶᠡᠪᠡᠯ᠂ ᠡᠪᠡᠳᠴᠢᠨ ᠢ ᠨᠢ ᠳᠠᠬᠢᠭᠤᠯᠵᠣ ᠮᠡᠳᠡᠨ᠎ᠡ᠃ ᠢᠳᠡᠵᠦ ᠪᠠᠶᠢᠭ᠎ᠠ ᠦᠶ᠎ᠡ ᠪᠣᠶᠣ ᠣᠰᠣ ᠣᠣᠭᠤᠵᠣ ᠪᠠᠶᠢᠭ᠎ᠠ ᠦᠶ᠎ᠡ ᠳᠤ ᠪᠠᠨ ᠢᠨᠢᠶᠡᠪᠡᠯ᠂ ᠢᠳᠡᠭᠡᠨ ᠪᠠ ᠣᠰᠣ ᠶᠢ ᠠᠮᠠᠷᠬᠠᠨ ᠪᠣᠷᠣᠭᠤ ᠬᠤᠭᠤᠯᠠᠢ ᠳᠤ ᠣᠷᠣᠭᠤᠯᠵᠣ᠂ ᠰᠢᠷᠦᠭᠦᠨ ᠬᠠᠨᠢᠶᠠᠯᠭᠠᠬᠤ ᠪᠣᠶᠣ ᠠᠮᠢᠰᠬᠤᠯ ᠪᠦᠭᠯᠡᠷᠡᠭᠦᠯᠬᠦ ᠪᠣᠯᠣᠨ᠎ᠠ᠃ ᠭᠠᠳᠠᠷ ᠰᠠᠯᠠᠭ᠎ᠠ ᠶᠢᠨ ᠮᠡᠰᠡ ᠵᠠᠰᠠᠯ᠂ ᠣᠨᠴᠠᠭᠠᠢᠢᠯᠠᠨ ᠡᠪᠴᠢᠭᠦᠦ ᠶᠢᠨ ᠬᠡᠰᠡᠭ ᠤᠨ ᠮᠡᠰᠡ ᠵᠠᠰᠠᠯ ᠬᠢᠭᠡᠳ ᠣᠳᠠᠭᠠᠳᠣᠢ ᠡᠪᠡᠳᠴᠢᠳᠡᠨ ᠴᠦ ᠳᠣᠳᠠᠭᠤ ᠢᠨᠢᠶᠡᠬᠦ ᠬᠡᠷᠡᠭᠳᠡᠢ᠃

ᠢᠷᠡᠯᠲᠡ᠄      ᠨᠠᠶᠢᠷᠠᠭᠤᠯᠤᠭᠴᠢ᠄