home
home

    ᠦᠪᠡᠷ ᠢ ᠪᠠᠨ ᠪᠠᠶᠠᠷ ᠪᠠᠶᠠᠰᠤᠯ ᠲᠠᠢ ᠪᠠᠶᠢᠯᠭᠠᠬᠤ ᠰᠢᠯᠳᠠᠭᠠᠨ

2016-08-28  18:26

ᠶᠠᠭᠠᠷᠠᠯᠳᠠᠢ ᠠᠵᠢᠯᠯᠠᠬᠤ᠂ ᠲᠠᠷᠤᠯᠳᠠ ᠶᠡᠭᠡ ᠠᠴᠠ ᠪᠤᠯᠵᠤ ᠬᠦᠮᠦᠰ ᠤᠯᠠᠮ ᠢᠶᠠᠷ ᠵᠤᠯ ᠵᠢᠷᠭᠠᠯᠳᠤ ᠲᠦᠷᠦᠭᠳᠡᠯ ᠤᠷᠤᠬᠤ ᠪᠠᠨ ᠪᠠᠶᠢᠪᠠ᠃ ᠵᠤᠯ ᠵᠢᠷᠭᠠᠯ ᠤᠨ ᠪᠠᠷᠢᠮᠵᠢᠶ᠎ᠠ ᠭᠡᠭᠴᠢ ᠶᠠᠭᠤ ᠪᠤᠢ︖ ᠡᠨᠡ ᠲᠤᠬᠠᠢ ᠶᠠᠮᠠᠷ ᠨᠢᠭᠡᠨ ᠬᠦᠮᠦᠨ ᠲᠤᠮᠢᠶᠠᠯᠠᠵᠤ ᠦᠩᠭᠡᠷᠡᠭᠰᠡᠨ ᠦᠭᠡᠢ ᠂ ᠬᠦᠮᠦᠨ ᠲᠦᠷᠦᠯᠬᠢᠳᠡᠨ ᠢᠳᠡᠵᠦ ᠡᠮᠦᠰᠬᠦ ᠪᠠᠷ ᠤᠷᠢᠳᠠᠯ ᠪᠤᠯᠭᠠᠵᠤ ᠪᠠᠶᠢᠭᠰᠠᠨ ᠦᠶᠡᠰ ᠡᠳᠦᠷ ᠤᠨ ᠭᠤᠷᠪᠠᠨ ᠡᠷᠡᠨ ᠤ ᠬᠤᠭᠤᠯᠠ ᠪᠤᠳᠠᠭᠠᠨ ᠤ ᠱᠠᠭᠠᠷᠳᠠᠯᠭ᠎ᠠ ᠪᠠᠨ ᠬᠠᠩᠭᠠᠵᠤ ᠴᠢᠳᠠᠪᠠᠯ ᠲᠠᠷᠤᠢ ᠵᠤᠯ ᠵᠢᠷᠭᠠᠯ ᠲᠠᠢ ᠰᠠᠨᠠᠭᠳᠠᠳᠠᠭ ᠪᠠᠶᠢᠵᠠᠢ᠃ ᠪᠤᠳᠠᠰ ᠤᠨ ᠱᠠᠭᠠᠷᠳᠠᠯᠭ᠎ᠠ ᠬᠡᠳᠦᠷᠭᠡᠢ ᠦᠨᠳᠦᠷ ᠪᠤᠯᠬᠤ ᠶᠢ ᠲᠠᠭᠠᠯᠳᠤᠨ ᠬᠦᠮᠦᠰ ᠤᠨ ᠵᠤᠯ ᠵᠢᠷᠭᠠᠯ ᠤᠨ ᠲᠤᠬᠠᠢ ᠬᠦᠰᠡᠯ ᠱᠠᠭᠠᠷᠳᠠᠯᠭ᠎ᠠ ᠴᠦ ᠲᠡᠰ ᠲᠡᠪᠰᠢᠵᠤ᠂ ᠤᠯᠤᠶ᠎ᠠ ᠬᠡᠵᠦ ᠬᠦᠰᠡᠵᠦ ᠰᠠᠨᠠᠵᠤ ᠪᠠᠶᠢᠭ᠎ᠠ ᠵᠦᠢᠯ ᠤᠨ ᠢᠶᠠᠨ ᠲᠦᠯᠦᠭᠡ ᠬᠦᠮᠦᠰ ᠨᠡᠩ ᠶᠠᠭᠠᠷᠠᠯᠳᠠᠢ ᠠᠵᠢᠯᠯᠠᠬᠤ ᠪᠤᠯᠪᠠ᠂ ᠬᠡᠪᠡᠴᠦ ᠰᠢᠷᠭᠠᠬᠤ ᠬᠠᠳᠠᠭᠤᠵᠢᠯᠳᠠᠢ ᠠᠵᠢᠯᠯᠠᠭᠠᠳ ᠤᠯᠳᠠᠭ ᠢᠶᠠᠨ ᠤᠯᠳᠠᠭ ᠪᠤᠯᠪᠠᠴᠤ ᠬᠦᠮᠦᠰ ᠬᠠᠷᠢᠨ ᠪᠠᠶᠠᠷᠯᠠᠬᠤ ᠲᠦᠷᠦᠭᠳᠡᠯ ᠤᠷᠤᠳᠠᠭ ᠦᠭᠡᠢ᠃ ᠶᠠᠭᠤᠨ ᠤ ᠤᠴᠢᠷ ᠠᠴᠠ ᠪᠤᠢ︖ ᠬᠡᠪᠡᠯ ᠦᠪᠡᠷ ᠢ ᠪᠠᠨ ᠪᠠᠶᠠᠷ ᠪᠠᠶᠠᠰᠤᠯ ᠲᠠᠢ ᠪᠠᠶᠢᠯᠭᠠᠬᠤ ᠰᠢᠯᠳᠠᠭᠠᠨ ᠢ ᠡᠷᠢᠵᠦ ᠤᠯᠬᠤ ᠦᠭᠡᠢ ᠠᠴᠠ ᠪᠢᠵᠠ᠃ ᠬᠡᠷᠪᠡ ᠴᠢᠨᠤ ᠬᠠᠯᠠᠮᠵᠢᠯᠠᠳᠠᠭ ᠴᠢᠨᠢ ᠠᠵᠢᠯ ᠤᠨ ᠪᠠᠶᠢᠷᠢ ᠶᠢᠨ ᠦᠨᠳᠦᠷ ᠪᠤᠭᠤᠨᠢ᠂ ᠪᠠᠩᠬᠢ ᠶᠢᠨ ᠬᠠᠳᠠᠭᠠᠯᠠᠮᠵᠢ ᠶᠢᠨ ᠠᠷᠪᠢᠨ ᠴᠦᠭᠡᠨ᠂ ᠤᠷᠤᠨ ᠰᠠᠭᠤᠴᠠ ᠶᠢᠨ ᠶᠡᠭᠡ ᠪᠠᠭ᠎ᠠ ᠵᠡᠷᠭᠡ ᠪᠤᠯ ᠶᠠᠮᠠᠷ ᠴᠦ ᠬᠦᠮᠦᠨ ᠴᠢᠮᠠᠢᠢ ᠬᠠᠪᠰᠤᠷᠴᠤ ᠴᠢᠳᠠᠬᠤ ᠦᠭᠡᠢ ᠪᠠᠶᠢᠬ᠎ᠠ᠃ ᠬᠡᠪᠡᠴᠦ ᠴᠢ ᠢᠯᠡᠷᠡᠬᠦᠯᠬᠦ ᠳᠡᠭᠡᠨ ᠴᠢᠳᠠᠮᠠᠭᠠᠢ ᠬᠦᠮᠦᠨ ᠪᠤᠯᠪᠠᠯ ᠲᠡᠷᠭᠡᠳᠡᠬᠢ ᠪᠠᠨ ᠬᠠᠷᠠᠵᠤ ᠪᠠᠶᠠᠷᠯᠠᠨ ᠬᠦᠭᠰᠡᠵᠦ ᠪᠤᠯᠬᠤ ᠶᠤᠮ᠄ ᠤᠷᠤᠨ ᠰᠠᠭᠤᠴᠠ ᠬᠡᠳᠦ᠋ᠢᠪᠡᠷ ᠪᠠᠭ᠎ᠠ᠂ ᠢᠪᠴᠤᠤ ᠪᠤᠯᠪᠠᠴᠤ ᠠᠮᠤᠷ ᠵᠢᠷᠭᠠᠯᠠᠩ ᠲᠤᠯᠠᠭᠠᠨ ᠪᠦᠯᠢ ᠪᠠᠶᠢᠭ᠎ᠠ᠃ ᠠᠵᠢᠯ ᠬᠡᠳᠦ᠋ᠢᠪᠡᠷ ᠤᠳᠠᠭ᠎ᠠ ᠲᠠᠷᠠᠭ᠎ᠠ ᠦᠭᠡᠢ ᠰᠠᠭᠠᠳ ᠲᠤ ᠤᠴᠠᠷᠠᠳᠠᠭ ᠪᠤᠯᠪᠠᠴᠤ ᠲᠡᠶᠢᠮᠦ ᠡᠬᠦᠷᠭᠡᠯᠡᠯ ᠲᠠᠷᠤᠭᠠᠰᠤ ᠦᠭᠡᠢ᠃ ᠬᠠᠳᠠᠭᠠᠯᠠᠮᠵᠢ ᠬᠡᠳᠦ᠋ᠢᠪᠡᠷ ᠱᠠᠯᠢᠨ ᠪᠦᠷᠢᠯᠭᠡᠬᠦ ᠶᠢ ᠵᠦᠪᠰᠢᠶᠡᠷᠡᠬᠦ ᠦᠭᠡᠢ ᠪᠤᠯᠪᠠᠴᠤ ᠦᠷᠢ ᠰᠢᠷᠢ ᠦᠭᠡᠢ᠃ ᠪᠤᠯᠤᠮᠠᠷ ᠦᠶᠡᠰ ᠲᠡᠭᠡᠨ ᠬᠦᠴᠢᠷᠳᠡᠯ ᠲᠠᠢ ᠬᠦᠮᠦᠨ ᠳᠤ ᠬᠠᠯᠠᠮᠵᠢ ᠶᠢᠨ ᠬᠠᠯᠠᠭᠤᠨ ᠭᠠᠷ ᠢᠶᠠᠨ ᠰᠤᠩᠭᠠᠨ᠎ᠠ ᠁ ᠦᠪᠡᠷ ᠢ ᠪᠠᠨ ᠪᠠᠶᠠᠷ ᠪᠠᠶᠠᠰᠤᠯ ᠲᠠᠢ ᠪᠠᠶᠢᠯᠭᠠᠬᠤ ᠰᠢᠯᠳᠠᠭᠠᠨ ᠢ ᠡᠷᠢᠵᠦ ᠤᠯᠤᠭᠰᠠᠨ ᠤᠤ︖ ᠠᠮᠧᠷᠢᠺᠠ ᠶᠢᠨ ᠺᠠᠯᠢᠹᠤᠷᠨᠢᠶ᠎ᠠ ᠶᠡᠭᠡ ᠰᠤᠷᠭᠠᠭᠤᠯᠢ ᠶᠢᠨ ᠷᠤᠪᠧᠲ · ᠠᠶᠢᠮᠧᠩᠰ ᠳ᠋ᠤᠺᠲ᠋ᠤᠷ ᠤᠨ ᠰᠤᠳᠤᠯᠭᠠᠨ ᠳᠤ ᠢᠯᠡᠷᠡᠬᠦᠯᠦᠭᠰᠡᠨ  ᠳᠤ ᠦᠨᠳᠦᠰᠦᠯᠡᠪᠡᠯ᠂ ᠨᠢᠭᠡ ᠭᠠᠷᠠᠭ ᠲᠤ 5 ᠤᠳᠠᠭ᠎ᠠ ᠠᠴᠠ ᠢᠯᠡᠬᠦᠦ ᠲᠠᠯᠠᠷᠬᠠᠬᠤ ᠰᠡᠳᠬᠢᠯ ᠢᠶᠠᠨ ᠢᠯᠡᠳᠭᠡᠬᠦ ᠨᠢ ᠬᠦᠮᠦᠨ ᠢ ᠨᠡᠩ ᠪᠠᠶᠠᠷ ᠪᠠᠶᠠᠰᠤᠯ ᠲᠠᠢ᠂ ᠨᠡᠩ ᠡᠷᠡᠬᠦᠯ ᠮᠡᠨᠳᠦ ᠪᠤᠯᠭᠠᠵᠤ᠂ ᠲᠠᠷᠤᠯᠳᠠ ᠶᠢ ᠨᠡᠩ ᠨᠡᠩ ᠰᠠᠶᠢᠨ ᠰᠢᠢᠳᠪᠦᠷᠢᠯᠡᠵᠦ ᠴᠢᠳᠠᠨ᠎ᠠ ᠬᠡᠵᠡᠢ᠃ ᠡᠨᠡ ᠪᠤᠯ ᠰᠡᠳᠬᠢᠴᠡ ᠶᠢᠨ ᠤᠬᠠᠭᠠᠨ ᠤ ᠲᠠᠯ᠎ᠠ ᠪᠠᠷ ᠲᠠᠷᠤᠯᠳᠠ ᠶᠢ ᠪᠠᠭᠠᠰᠬᠠᠬᠤ ᠠᠷᠭ᠎ᠠ ᠪᠤᠯᠤᠨ᠎ᠠ᠃ 《ᠦᠨᠡᠨ ᠳᠡᠭᠡᠨ ᠵᠤᠯ ᠵᠢᠷᠭᠠᠯ ᠬᠡᠭᠴᠢ ᠮᠠᠰᠢ ᠲᠦᠬᠦᠮᠭᠡᠨ᠂ ᠲᠠᠷᠤᠢ ᠪᠢᠳᠡ ᠲᠡᠷᠭᠡᠳᠡᠬᠢ ᠦᠴᠦᠭᠡᠨ ᠶᠠᠪᠤᠳᠠᠯ ᠪᠤᠯᠭᠠᠨ ᠳᠤ ᠲᠠᠯᠠᠷᠬᠠᠬᠤ ᠰᠡᠳᠬᠢᠯᠭᠡ ᠪᠠᠷ ᠬᠠᠨᠳᠤᠬᠤ ᠶᠠᠪᠤᠳᠠᠯ ᠶᠢ ᠵᠢᠭᠠᠵᠤ ᠪᠠᠶᠢᠨ᠎ᠠ᠃ ᠨᠢᠭᠡ ᠬᠦᠮᠦᠨ ᠡᠳᠦᠷ ᠪᠦᠷᠢ ᠲᠠᠰᠤᠷᠠᠯᠳᠠ ᠦᠭᠡᠢ ᠦᠪᠡᠷ ᠢ  ᠪᠠᠨ ᠨᠤᠳᠠᠯᠠᠬᠤ ᠪᠠ ᠰᠡᠳᠬᠢᠴᠡ ᠶᠢᠨ ᠲᠠᠶᠢᠳᠬᠤᠷᠠᠯ ᠬᠢᠪᠡᠯ᠂ ᠲᠡᠷᠡ ᠨᠢ ᠬᠡᠳᠦ᠋ᠢᠪᠡᠷ ᠦᠴᠦᠭᠡᠨ ᠶᠠᠪᠤᠳᠠᠯ ᠪᠤᠯᠪᠠᠴᠤ ᠠᠮᠤᠷ ᠲᠦᠪᠰᠢᠨᠳᠦ ᠰᠡᠳᠬᠢᠯᠭᠡ ᠶᠢ ᠨᠡᠮᠡᠭᠳᠡᠬᠦᠯᠵᠦ᠂ ᠦᠵᠡᠯ ᠰᠠᠨᠠᠭᠠᠨ ᠲᠡᠭᠡᠷ᠎ᠡ ᠪᠠᠨ ᠬᠠᠨᠤᠮᠵᠢᠳᠠᠢ ᠪᠤᠯᠬᠤ ᠪᠤᠶᠤ ᠲᠠᠶᠢᠪᠤᠰᠢᠷᠠᠵᠤ ᠴᠢᠳᠠᠳᠠᠭ》 ᠋ ᠃

 

ᠢᠷᠡᠯᠲᠡ᠄      ᠨᠠᠶᠢᠷᠠᠭᠤᠯᠤᠭᠴᠢ᠄